1. ᠮᠠᠭᠤ ᠳᠠᠳᠬᠠᠯ ᠨᠢᠭᠡ᠄ ᠬᠡᠷᠪᠡ ᠤᠨᠲᠠᠵᠤ ᠰᠡᠷᠡᠮᠡᠭᠴᠡ ᠪᠠᠷᠢᠨ ᠲᠤᠤᠷ᠎ᠠ ᠪᠠᠨ ᠤᠷᠤ ᠠᠴᠠ ᠪᠠᠨ ᠪᠠᠭᠤᠪᠠᠯ᠂ | ᠶᠡᠭᠡ ᠲᠠᠷᠢᠬᠢᠨ ᠤ ᠴᠢᠰᠤᠨ ᠤ ᠬᠠᠩᠭᠠᠯᠲᠠ ᠬᠦᠷᠦᠯᠴᠡᠬᠦ ᠦᠭᠡᠢ ᠪᠣᠯᠵᠤ᠂ ᠰᠠ ᠡᠪᠡᠳᠴᠢᠨ᠂ ᠭᠡᠨᠡᠳᠲᠡ ᠦᠬᠦᠬᠦ | ᠵᠡᠷᠭᠡ ᠭᠡᠨᠡᠳᠲᠡ ᠶᠢᠨ ᠠᠳᠡᠯ ᠠᠮᠠᠷᠬᠠᠨ ᠭᠠᠷᠴᠤ ᠮᠡᠳᠡᠨ᠎ᠡ᠃ ᠰᠠᠨᠠᠭᠤᠯᠤᠮᠵᠢ᠄ ᠰᠠᠶ᠋ᠢ ᠰᠡᠷᠡᠮᠡᠭᠴᠡ᠂ ᠣᠷᠣ | ᠳᠡᠭᠡᠷ᠎ᠡ ᠪᠠᠨ 30 ᠰᠧᠺᠦ᠋ᠨ᠋ᠳ᠋ ᠬᠡᠪᠲᠡᠵᠦ᠂ ᠪᠣᠰᠤᠭᠰᠠᠨ ᠤ ᠳᠠᠷᠠᠭ᠎ᠠ 30 ᠰᠧᠺᠦ᠋ᠨ᠋ᠳ᠋ ᠰᠠᠭᠤᠵᠤ᠂ ᠲᠠᠷᠠᠭ᠎ᠠ ᠨᠢ | ᠣᠷᠣ ᠶᠢᠨ ᠬᠦᠪᠡᠭᠡ ᠲᠡᠭᠡᠷ᠎ᠡ ᠪᠠᠨ 30 ᠰᠧᠺᠦ᠋ᠨ᠋ᠳ᠋ ᠰᠠᠭᠤᠬᠰᠠᠨ ᠤ ᠬᠤᠶᠢᠨ᠎ᠠ ᠰᠠᠶ᠋ᠢ ᠪᠤᠰᠴᠤ ᠶᠠᠪᠤᠨ᠎ᠠ᠃ 2. ᠮᠠᠭᠤ | ᠳᠠᠳᠬᠠᠯ ᠬᠤᠶᠠᠷ᠄ ᠪᠣᠰᠤᠭᠰᠠᠨ ᠤ ᠳᠠᠷᠠᠭ᠎ᠠ ᠪᠠᠯ ᠲᠠᠢ ᠤᠰᠤ᠂ ᠳᠠᠪᠤᠰᠤ ᠲᠠᠢ ᠤᠰᠤ ᠤᠤᠭᠤᠬᠤ ᠵᠠᠷᠢᠮ ᠬᠥᠮᠦᠨ | ᠥᠷᠯᠥᠭᠡ ᠪᠣᠰᠤᠭᠰᠠᠨ ᠤ ᠳᠠᠷᠠᠭ᠎ᠠ᠂ ᠪᠠᠯ ᠲᠠᠢ ᠤᠰᠤ᠂ ᠳᠠᠪᠤᠰᠤ ᠲᠠᠢ ᠤᠰᠤ ᠤᠤᠭᠤᠬᠤ ᠳᠤᠷᠠᠲᠠᠶ ᠪᠠᠶᠢᠳᠠᠭ | ᠪᠦᠭᠡᠳ ᠡᠨᠡ ᠨᠢ ᠭᠠᠳᠠᠭᠠᠯᠠᠬᠤ᠂ ᠬᠤᠤᠷ ᠢ ᠭᠠᠳᠠᠭᠰᠢᠯᠠᠭᠤᠯᠬᠤ ᠳᠤ ᠲᠤᠰᠠᠳᠠᠢ ᠭᠡᠵᠦ ᠦᠵᠡᠳᠡᠭ᠂ ᠦᠨᠡᠨ ᠳᠡᠭᠡᠨ | ᠢᠩᠭᠢᠵᠦ ᠬᠢᠬᠦ ᠨᠢ ᠪᠤᠷᠤᠭᠤ ᠶᠤᠮ᠃ ᠰᠠᠨᠠᠭᠤᠯᠤᠮᠵᠢ᠄ ᠥᠷᠯᠥᠭᠡ ᠪᠤᠰᠤᠬᠰᠠᠨ ᠤ ᠨᠢᠭᠡ ᠴᠤᠮᠤ ᠪᠤᠴᠠᠯᠤᠭᠰᠠᠨ ᠤᠰᠤ | ᠤᠤᠭᠤᠬᠤ ᠪᠣᠯ ᠬᠠᠮᠤᠭ ᠤᠨ ᠰᠠᠶᠢᠨ ᠰᠣᠩᠭᠤᠯᠲᠠ ᠮᠥᠨ᠃ ᠤᠰᠤ ᠤᠤᠭᠤᠬᠤ ᠳᠠᠭᠠᠨ ᠪᠠᠭ᠎ᠠ ᠬᠡᠮᠵᠢᠶ᠎ᠡ ᠪᠠᠷ ᠣᠯᠠᠨ | ᠤᠳᠠᠭ᠎ᠠ ᠤᠤᠭᠤᠬᠤ ᠬᠡᠷᠡᠭᠲᠡᠢ᠂ ᠨᠢᠭᠡ ᠯᠡ ᠲᠡᠭᠡᠷ᠎ᠡ ᠲᠡᠩᠳᠡᠭᠦᠦ ᠠᠷᠪᠢᠨ ᠤᠤᠭᠤᠵᠤ ᠪᠣᠯᠬᠤ ᠦᠭᠡᠢ᠂ ᠤᠤᠭᠤᠬᠤ | ᠤᠰᠤᠨ ᠤ ᠬᠡᠮᠵᠢᠶ᠎ᠡ ᠶᠢ 100 ᠮᠢᠯᠢᠯᠢᠳ᠋ᠷ ᠠᠴᠠ ᠬᠡᠲᠦᠷᠡᠭᠦᠯᠵᠦ ᠪᠣᠯᠬᠤ ᠦᠭᠡᠢ᠃ 3. ᠮᠠᠭᠤ ᠳᠠᠳᠬᠠᠯ ᠭᠤᠷᠪᠠ᠄ | ᠭᠠᠳᠠᠭᠠᠯᠠᠬᠤ ᠳᠠᠭᠠᠨ ᠰᠡᠳᠬᠢᠯ ᠲᠠᠯᠪᠢᠬᠤ ᠦᠭᠡᠢ᠂ ᠬᠡᠲᠦᠷᠬᠡᠶ ᠤᠳᠠᠭᠠᠨ ᠰᠠᠭᠤᠬᠤ ᠥᠷᠯᠥᠭᠡ ᠪᠣᠰᠤᠭᠰᠠᠨ ᠤ | ᠳᠠᠷᠠᠭ᠎ᠠ ᠪᠦᠳᠦᠭᠦᠨ ᠭᠡᠳᠡᠰᠦᠨ ᠤ ᠬᠥᠳᠡᠯᠭᠡᠭᠡᠨ ᠨᠡᠯᠢᠶᠡᠳ ᠬᠥᠭᠵᠢᠶᠡᠨ ᠲᠠᠢ ᠪᠠᠶᠢᠳᠠᠭ᠂ ᠴᠥᠭᠡᠨ ᠪᠤᠰᠤ ᠬᠥᠮᠦᠨ ᠨᠢ | ᠡᠨᠡ ᠦᠶ᠎ᠡ ᠳᠤ ᠭᠠᠳᠠᠭᠠᠯᠠᠳᠠᠭ᠂ ᠢᠩᠭᠢᠵᠦ ᠬᠢᠬᠦ ᠨᠢ ᠵᠥᠪ ᠶᠤᠮ᠃ ᠭᠡᠪᠡᠴᠦ ᠵᠠᠷᠢᠮ ᠬᠥᠮᠦᠨ ᠨᠢ | ᠭᠠᠳᠠᠭᠠᠯᠠᠬᠤ ᠳᠠᠭᠠᠨ ᠭᠠᠷ ᠤᠲᠠᠰᠤ ᠨᠠᠭᠠᠳᠴᠤ᠂ ᠵᠣᠷᠯᠣᠩ ᠳᠤ ᠬᠠᠭᠠᠰ ᠴᠠᠭ ᠢᠶᠠᠷ ᠰᠠᠭᠤᠳᠠᠭ᠂ ᠢᠩᠭᠢᠪᠡᠯ | ᠱᠠᠮᠪᠠᠷᠠᠮ ᠤᠯᠵᠤ ᠮᠡᠳᠡᠨ᠎ᠡ᠃ ᠲᠠᠬᠢᠪᠠᠯ ᠭᠠᠳᠠᠭᠠᠯᠠᠬᠤ ᠳᠠᠭᠠᠨ ᠬᠡᠲᠦᠷᠬᠡᠢ ᠬᠦᠴᠦᠯᠡᠵᠦ ᠪᠣᠯᠬᠤ ᠦᠭᠡᠢ᠂ ᠬᠡᠲᠦᠷᠬᠡᠢ | ᠬᠦᠴᠦᠯᠡᠪᠡᠯ ᠭᠡᠨᠡᠳᠲᠡ ᠦᠬᠦᠬᠦ᠂ ᠲᠠᠷᠢᠬᠢᠨ ᠤ ᠴᠢᠰᠤᠨ ᠰᠤᠳᠠᠯ ᠳᠡᠯᠪᠡᠷᠡᠬᠦ ᠵᠡᠷᠭᠡ ᠭᠡᠨᠡᠳᠲᠡ ᠶᠢᠨ ᠠᠳᠡᠯ ᠭᠠᠷᠴᠤ | ᠮᠡᠳᠡᠨ᠎ᠡ᠃ 4. ᠮᠠᠭᠤ ᠳᠠᠳᠬᠠᠯ ᠳᠥᠷᠪᠡ᠄ ᠴᠠᠭ ᠲᠠᠭᠠᠨ ᠥᠷᠯᠥᠭᠡᠨ ᠤ ᠬᠤᠭᠤᠯᠠ ᠪᠠᠨ ᠢᠳᠡᠳᠡᠭ ᠦᠭᠡᠢ ᠥᠷᠯᠥᠭᠡ | ᠶᠠᠭᠤᠮ᠎ᠠ ᠬᠤᠭᠤᠯᠠ ᠢᠳᠡᠬᠦ ᠥᠬᠡᠶ ᠪᠤᠶᠤ ᠨᠡᠯᠢᠶᠡᠳ ᠤᠷᠤᠢ ᠥᠷᠯᠥᠭᠡ ᠶᠢᠨ ᠬᠤᠭᠤᠯᠠ ᠪᠠᠨ ᠢᠳᠡᠬᠦ ᠨᠢ | ᠬᠤᠳᠣᠭᠤᠳᠣᠨ ᠡᠪᠡᠳᠴᠢᠨ᠂ ᠰᠥᠰᠥᠨ ᠤ ᠴᠢᠯᠠᠭᠤᠰᠢᠷᠠᠯ ᠤᠨ ᠲᠦᠭᠰᠢᠭᠦᠷᠢ ᠶᠢ ᠨᠡᠮᠡᠭᠳᠡᠭᠦᠯᠳᠡᠭ ᠪᠦᠭᠡᠳ ᠪᠠᠰᠠ | ᠮᠠᠷᠢᠶᠠᠯᠠᠬᠤ ᠪᠠ ᠲᠠᠨᠢᠨ ᠮᠡᠳᠡᠬᠦᠶ ᠶᠢᠨ ᠴᠢᠳᠠᠪᠤᠷᠢ ᠶᠢ ᠪᠠᠭᠤᠷᠠᠭᠤᠯᠵᠤ ᠮᠡᠳᠡᠨ᠎ᠡ᠃ 9᠄ 00 ᠴᠠᠭ ᠠᠴᠠ ᠰᠡᠭᠦᠯᠡᠷ | ᠥᠷᠯᠥᠭᠡ ᠶᠢᠨ ᠬᠤᠭᠤᠯᠠ ᠢᠳᠡᠵᠦ᠂ 21᠄ 00 ᠴᠠᠭ ᠠᠴᠠ ᠰᠡᠭᠦᠯᠡᠷ ᠣᠷᠣᠢ ᠶᠢᠨ ᠬᠤᠭᠤᠯᠠ ᠢᠳᠡᠬᠦ ᠨᠢ ᠵᠢᠷᠦᠬᠡ | ᠴᠢᠰᠤᠨ ᠰᠤᠳᠠᠯ ᠤᠨ ᠡᠪᠡᠳᠴᠢᠨ ᠤ ᠨᠡᠩ ᠥᠨᠳᠥᠷ ᠲᠦᠭᠰᠢᠭᠦᠷᠢ ᠶᠢ ᠠᠪᠴᠢᠷᠠᠵᠦ ᠮᠡᠳᠡᠨ᠎ᠡ᠂ 2 ᠬᠡᠯᠪᠡᠷᠢ ᠶᠢᠨ | ᠰᠢᠬᠢᠷ ᠰᠢᠵᠢᠩ ᠡᠪᠡᠳᠴᠢᠨ ᠳᠤ ᠨᠡᠷᠪᠡᠭᠳᠡᠬᠦ ᠨᠤᠷᠮ᠎ᠠ ᠨᠢ 59 % ᠠᠴᠠ ᠥᠨᠳᠥᠷ ᠪᠠᠶᠢᠳᠠᠭ᠃ ᠰᠠᠨᠠᠭᠤᠯᠤᠮᠵᠢ᠄ | ᠥᠷᠯᠥᠭᠡ ᠶᠢᠨ ᠬᠤᠭᠤᠯᠨ ᠪᠠᠨ 7᠄ 00 ᠴᠠᠭ ᠠᠴᠠ 8᠄ 00 ᠴᠠᠭ ᠤᠨ ᠬᠤᠭᠤᠷᠤᠨᠳᠦ ᠢᠳᠡᠪᠡᠯ ᠲᠣᠬᠢᠷᠠᠮᠵᠢᠲᠠᠶ | ᠶᠤᠮ᠃ |