ᠠᠯᠳᠠᠨ ᠰᠢᠷᠭᠠᠯ ᠶᠢᠰᠦᠨ ᠰᠠᠷ᠎ᠠ ᠪᠠᠷ ᠠᠶᠠᠯᠠᠨ ᠵᠢᠭᠤᠯᠴᠢᠯᠠᠬᠤ ᠳᠤ ᠲᠠᠪᠠᠲᠠᠢ ᠠᠭᠤᠷ ᠠᠮᠢᠰᠬᠤᠯ ᠲᠣᠬᠢᠶᠠᠨ᠎ᠠ᠃ | ᠠᠶᠠᠨ ᠵᠠᠮ ᠳᠤ ᠬᠠᠶᠠ ᠭᠡᠮᠲᠦᠯ ᠰᠢᠷᠬᠠᠳᠤᠯ ᠭᠠᠷᠳᠠᠭ ᠠᠴᠠ ᠦᠪᠡᠷ ᠪᠤᠰᠤᠳ ᠢ ᠲᠦᠷᠭᠡᠨ ᠠᠪᠤᠷᠠᠬᠤ ᠡᠮᠴᠢᠯᠡᠭᠡᠨ ᠤ | ᠬᠡᠳᠦᠨ ᠠᠷᠭ᠎ᠠ ᠶᠢ ᠲᠠᠨᠢᠯᠴᠠᠭᠤᠯᠵᠤ ᠪᠠᠶᠢᠨ᠎ᠠ᠃ ᠭᠡᠮᠲᠦᠵᠦ ᠪᠡᠷᠲᠡᠬᠦ ᠳᠤ᠄ ᠰᠢᠷᠬ᠎ᠠ ᠶᠢ ᠰᠢᠢᠳᠪᠦᠷᠢᠯᠡᠬᠦ᠄ ᠭᠠᠳᠠᠷ | ᠰᠢᠷᠬ᠎ᠠ ᠶᠢ ᠴᠠᠭ ᠲᠤᠬᠠᠶ ᠲᠤᠨᠢ ᠴᠢᠰᠤ ᠶᠢ ᠵᠣᠭᠰᠣᠭᠠᠵᠤ᠂ ᠴᠡᠪᠡᠷᠯᠡᠵᠤ ᠠᠷᠢᠯᠭᠠᠬᠤ ᠶᠢ ᠪᠣᠳᠣᠨ᠎ᠠ᠂ ᠬᠡᠷᠪᠡ | ᠪᠡᠷᠲᠡᠭᠰᠡᠨ ᠬᠡᠰᠡᠭ ᠨᠢ ᠢᠯᠡ ᠭᠠᠷᠤᠭᠰᠠᠨ ᠪᠠᠶᠢᠪᠠᠯ ᠤᠭ ᠤᠷᠤᠨ ᠳᠤᠨᠢ ᠤᠷᠤᠭᠤᠯᠬᠤ ᠪᠠᠷ ᠤᠷᠤᠯᠳᠤᠵᠤ ᠪᠤᠯᠬᠤ | ᠦᠭᠡᠢ᠃ ᠰᠢᠷᠬ᠎ᠠ ᠶᠢ ᠪᠤᠭᠤᠬᠤ᠄ ᠴᠡᠪᠡᠷ ᠪᠥᠰ ᠢᠶᠠᠷ ᠰᠢᠷᠬ᠎ᠠ ᠶᠢ ᠪᠦᠲᠡᠭᠡᠵᠤ᠂ ᠳᠠᠬᠢᠨ ᠪᠥᠰ ᠢᠶᠠᠷ ᠪᠣᠭᠤᠨ᠎ᠠ᠂ | ᠪᠣᠭᠤᠬᠤ ᠳᠠᠭᠠᠨ ᠴᠢᠩᠭ᠎ᠠ ᠰᠤᠯᠠ ᠶᠢ ᠲᠣᠬᠢᠷᠠᠭᠤᠯᠤᠨ᠎ᠠ᠃ ᠲᠡᠷᠡ ᠬᠡᠪ ᠲᠤᠨᠢ ᠪᠠᠶᠢᠯᠭᠠᠬᠤ᠄ ᠡᠪᠡᠳᠴᠢᠲᠡᠨ ᠢ | ᠳᠤᠷ᠎ᠠ ᠪᠠᠷ ᠲᠠᠳᠠᠵᠤ ᠴᠢᠩᠭᠠᠭᠠᠬᠤ ᠪᠤᠶᠤ ᠵᠥᠭᠡᠭᠡᠵᠦ ᠪᠣᠯᠬᠤ ᠦᠭᠡᠢ᠂ ᠰᠢᠷᠬᠠᠳᠤᠭᠰᠠᠨ ᠬᠡᠰᠡᠭ ᠢ ᠠᠯᠢ ᠴᠢᠳᠠᠬᠤ ᠪᠠᠷ | ᠲᠡᠷᠡ ᠬᠡᠪ ᠲᠤᠨᠢ ᠪᠠᠶᠢᠯᠭᠠᠨ᠎ᠠ᠃ ᠡᠪᠡᠳᠬᠦ ᠶᠢ ᠨᠠᠮᠳᠠᠭᠠᠬᠤ᠄ ᠶᠠᠰᠤ ᠪᠡᠷᠲᠡᠭᠡᠳ ᠬᠦᠨᠳᠦᠷᠡᠵᠦ ᠡᠪᠡᠳᠪᠡᠯ ᠦᠬᠦᠳᠬᠢᠬᠦ | ᠠᠶᠤᠯ ᠲᠠᠢ ᠤᠴᠢᠷ ᠠᠴᠠ ᠡᠪᠡᠳᠬᠦ ᠶᠢ ᠵᠣᠭᠰᠣᠭᠠᠬᠤ ᠡᠮ ᠬᠡᠷᠡᠭᠯᠡᠪᠡᠯ ᠰᠠᠶᠢᠨ᠃ ᠠᠮᠤᠷ ᠲᠥᠪᠰᠢᠨ ᠢᠶᠠᠷ | ᠰᠢᠯᠵᠢᠭᠦᠯᠦᠨ ᠵᠥᠭᠡᠭᠡᠬᠦ᠄ ᠰᠢᠷᠬᠠᠳᠤᠭᠰᠠᠳ ᠢ ᠰᠢᠯᠵᠢᠭᠦᠯᠦᠨ ᠵᠥᠭᠡᠭᠡᠬᠦ ᠳᠡᠭᠡᠨ ᠰᠢᠷᠬᠠᠳᠤᠭᠰᠠᠳ ᠤᠨ ᠤᠬᠠᠭᠠᠨ | ᠮᠡᠳᠡᠷᠡᠯ ᠪᠣᠯᠤᠨ ᠪᠦᠬᠦ ᠪᠡᠶ᠎ᠡ ᠶᠢᠨ ᠪᠠᠶᠢᠳᠠᠯ ᠤᠨ ᠬᠤᠪᠢᠷᠠᠯᠲᠠ ᠶᠢ ᠰᠠᠶᠢᠲᠤᠷ ᠠᠩᠬᠠᠷᠴᠤ᠂ ᠡᠮᠨᠡᠯᠭᠡ ᠳᠤ ᠬᠦᠷᠭᠡᠵᠦ | ᠲᠦᠷᠭᠡᠨ ᠠᠪᠤᠷᠠᠯᠲᠠ ᠬᠢᠯᠭᠡᠨ᠎ᠡ᠃ ᠴᠢᠰᠤ ᠲᠦᠷᠭᠡᠨ ᠵᠣᠭᠰᠣᠭᠠᠬᠤ ᠳᠤ᠄ 1. ᠬᠤᠷᠤᠭᠤ ᠪᠠᠷ ᠳᠠᠷᠤᠬᠤ᠄ ᠲᠤᠮᠤ | ᠯᠤᠭᠰᠢᠭᠤᠨ ᠰᠤᠳᠠᠯ ᠠᠴᠠ ᠴᠢᠰᠤ ᠶᠡᠭᠡ ᠭᠠᠷᠪᠠᠯ᠂ ᠬᠤᠷᠤᠭᠤ ᠪᠠᠷ ᠢᠶᠠᠨ ᠰᠢᠷᠬᠠᠨ ᠤ ᠵᠢᠷᠦᠬᠡᠨ ᠲᠠᠯ᠎ᠠ ᠶᠢᠨ | ᠴᠢᠭᠯᠡᠯ ᠳᠤ ᠳᠠᠷᠤᠵᠤ᠂ ᠴᠢᠰᠤᠨ ᠤ ᠡᠷᠭᠢᠯᠲᠡ ᠶᠢ ᠬᠤᠷᠢᠵᠤ᠂ ᠴᠢᠰᠤ ᠶᠢ ᠲᠦᠷᠭᠡᠨ ᠵᠣᠭᠰᠣᠭᠠᠵᠤ ᠪᠣᠯᠣᠨ᠎ᠠ᠃ 2. | ᠳᠠᠷᠤᠵᠤ ᠪᠣᠭᠤᠬᠤ᠄ ᠨᠠᠮᠵᠢᠭᠤᠨ ᠰᠤᠳᠠᠯ᠂ ᠬᠢᠯᠭᠠᠰᠤᠨ ᠰᠤᠳᠠᠯ ᠪᠤᠶᠤ ᠵᠢᠵᠢᠭ ᠯᠤᠭᠰᠢᠭᠤᠨ ᠰᠤᠳᠠᠯ ᠠᠴᠠ ᠴᠢᠰᠤ | ᠭᠠᠷᠪᠠᠯ᠂ ᠠᠷᠢᠭᠤᠳᠬᠠᠭᠰᠠᠨ ᠱᠠ ᠪᠥᠰ ᠵᠡᠷᠭᠡ ᠪᠠᠷ ᠰᠢᠷᠬ᠎ᠠ ᠶᠢ ᠲᠠᠷᠤᠵᠤ᠂ ᠳᠠᠷᠠᠭ᠎ᠠ ᠨᠢ ᠰᠢᠷᠬᠠᠨ ᠤ ᠪᠣᠭᠤᠯᠲᠠ | ᠪᠤᠶᠤ ᠪᠥᠰ ᠢᠶᠠᠷ ᠪᠣᠭᠤᠨ᠎ᠠ᠃ 3. ᠴᠢᠰᠤ ᠵᠣᠭᠰᠣᠭᠠᠬᠤ ᠪᠥᠰ᠄ ᠳᠥᠷᠪᠡᠨ ᠮᠥᠴᠢ ᠶᠢᠨ ᠲᠣᠮᠣ ᠯᠤᠭᠰᠢᠭᠤᠨ | ᠰᠤᠳᠠᠯ ᠠᠴᠠ ᠴᠢᠰᠤ ᠭᠠᠷᠪᠠᠯ ᠡᠨᠡ ᠠᠷᠭ᠎ᠠ ᠶᠢ ᠬᠡᠷᠡᠭᠯᠡᠵᠤ ᠪᠣᠯᠣᠨ᠎ᠠ᠃ ᠰᠢᠷᠬᠠᠳᠤᠭᠰᠠᠨ ᠦᠶ᠎ᠡ ᠮᠥᠴᠢ ᠪᠠᠨ | ᠥᠨᠳᠥᠷ ᠡᠷᠭᠦᠵᠦ᠂ ᠴᠢᠰᠤ ᠵᠣᠭᠰᠣᠭᠠᠬᠤ ᠪᠦᠰᠡ ᠶᠢ ᠴᠢᠳᠠᠬᠤ ᠶᠢᠨ ᠬᠢᠷᠢ ᠪᠠᠷ ᠴᠢᠰᠤ ᠭᠠᠷᠤᠭᠰᠠᠨ ᠬᠡᠰᠡᠭ ᠲᠤ | ᠣᠶᠢᠷᠠᠲᠤᠭᠤᠯᠬᠤ ᠶᠢᠨ ᠬᠠᠮᠲᠤ ᠴᠠᠭ ᠪᠦᠷᠢ ᠨᠢᠭᠡ ᠤᠳᠠᠭ᠎ᠠ ᠲᠠᠯᠪᠢᠬᠤ ᠶᠢ ᠠᠩᠬᠠᠷᠴᠤ᠂ ᠴᠢᠰᠤ ᠳᠤᠲᠠᠵᠤ | ᠦᠬᠦᠳᠬᠢᠬᠦ ᠠᠴᠠ ᠰᠡᠷᠭᠡᠶᠢᠯᠡᠬᠦ ᠬᠡᠷᠡᠭᠲᠡᠶ ︵ᠳᠡᠭᠡᠷ᠎ᠡ ᠠᠳᠬᠤᠭᠠᠯ ᠤᠨ ᠳᠤᠮᠳᠠ ᠬᠡᠰᠡᠭ ᠲᠤ ᠴᠢᠰᠤ ᠵᠣᠭᠰᠣᠭᠠᠬᠤ | ᠪᠦᠰᠡ ᠬᠡᠷᠡᠭᠯᠡᠵᠦ ᠪᠣᠯᠬᠤ ᠦᠭᠡᠢ︶᠃ ᠠᠩᠬᠠᠷᠬᠤ ᠵᠦᠢᠯ᠄ ᠢᠯᠡ ᠭᠠᠳᠠᠷ ᠰᠢᠷᠬ᠎ᠠ ᠶᠢ ᠰᠢᠢᠳᠪᠦᠷᠢᠯᠡᠬᠦ ᠬᠠᠮᠤᠭ ᠤᠨ | ᠲᠣᠬᠢᠲᠠᠢ ᠴᠠᠭ ᠪᠣᠯ ᠰᠢᠷᠬᠠᠳᠤᠭᠰᠠᠨ ᠤ ᠳᠠᠷᠠᠭᠠᠬᠢ 6 — 8 ᠴᠠᠭ᠂ ᠲᠣᠯᠣᠭᠠᠶ ᠨᠢᠭᠤᠷ ᠤᠨ ᠬᠡᠰᠡᠭ ᠪᠤᠯ | ᠵᠣᠬᠢᠬᠤ ᠬᠡᠮᠵᠢᠶ᠎ᠡ ᠪᠠᠷ 24 ᠴᠠᠭ ᠪᠣᠯᠲᠠᠯ᠎ᠠ ᠤᠷᠲᠤᠳᠬᠠᠵᠤ ᠪᠣᠯᠣᠨ᠎ᠠ᠃ ᠡᠨᠡ ᠬᠦ ᠬᠤᠭᠤᠴᠠᠭᠠᠨ ᠳᠤ ᠰᠢᠢᠳᠪᠦᠷᠢᠯᠡᠬᠦ | ᠦᠭᠡᠢ ᠪᠣᠯ ᠰᠢᠷᠬᠠᠨ ᠤ ᠬᠠᠯᠳᠠᠪᠤᠷᠢᠯᠠᠯ ᠶᠡᠬᠡᠳᠦᠨᠡ᠃ |