ᠫᠢᠸᠤ᠋ ᠤᠤᠭᠤᠬᠤ ᠶᠢᠨ ᠴᠡᠭᠡᠷ
ᠨᠡᠶᠢᠲᠡᠯᠡᠭᠰᠡᠨ ᠴᠠᠭ᠄
2024/5/28
    ᠬᠤᠭᠤᠯᠠ ᠢᠳᠡᠬᠦ ᠠᠴᠠ ᠡᠮᠦᠨ᠎ᠡ ᠬᠦᠢᠲᠡᠨ ᠫᠢᠸᠤ᠋ ᠤᠤᠭᠤᠬᠤ ᠶᠢ ᠴᠡᠭᠡᠷᠯᠡᠬᠦ᠂ ᠳᠠᠯᠠᠢ ᠶᠢᠨ ᠢᠳᠡᠭᠡᠨ ᠢᠳᠡᠵᠦ ᠪᠠᠶᠢᠭᠠᠳ ᠫᠢᠸᠤ᠋ ᠤᠤᠭᠤᠬᠤ ᠶᠢ ᠴᠡᠭᠡᠷᠯᠡᠪᠡᠯ ᠵᠦᠢᠲᠡᠢ᠃ ᠵᠠᠷᠢᠮ ᠡᠪᠡᠳᠴᠢᠲᠡᠨ ᠫᠢᠸᠤ᠋ ᠤᠤᠭᠤᠬᠤ ᠶᠢ ᠴᠡᠭᠡᠷᠯᠡᠬᠦ ᠬᠡᠷᠡᠭᠲᠡᠢ᠄ 1. ᠤᠳᠠᠭᠠᠨ ᠴᠢᠨᠠᠷᠲᠠᠢ ᠬᠤᠳᠣᠭᠤᠳᠤᠨ ᠦᠷᠪᠢᠰᠦᠯ ᠲᠠᠢ ᠡᠪᠡᠳᠴᠢᠲᠡᠨ 2. ᠨᠤᠭᠤᠯᠤᠭᠤᠷ ᠭᠡᠳᠡᠰᠦᠨ ᠤ ᠰᠢᠷᠬᠠᠯᠠᠭ᠎ᠠ ᠳᠤ ᠨᠡᠷᠪᠡᠭᠳᠡᠭᠰᠡᠳ 3. ᠰᠢᠭᠡᠰᠦᠨ ᠵᠠᠮ ᠤᠨ ᠴᠢᠯᠠᠭᠤᠵᠢᠯ ᠲᠠᠢ ᠡᠪᠡᠳᠴᠢᠲᠡᠨ 4. ᠡᠯᠢᠭᠡᠨ ᠦᠷᠪᠢᠰᠦᠯ ᠲᠠᠢ ᠡᠪᠡᠳᠴᠢᠲᠡᠨ 5. ᠰᠠᠯᠪᠤᠷᠢ ᠮᠦᠭᠡᠷᠰᠦᠨ ᠬᠤᠭᠤᠯᠠᠢ ᠶᠢᠨ ᠲᠡᠯᠡᠭᠳᠡᠯ ᠲᠠᠢ ᠡᠪᠡᠳᠴᠢᠲᠡᠨ 6. ᠠᠭᠤᠰᠬᠢᠨ ᠤ ᠪᠣᠭᠯᠠᠭ᠎ᠠ ᠲᠠᠢ ᠡᠪᠡᠳᠴᠢᠲᠡᠨ 7. ᠡᠯᠢᠭᠡᠨ ᠬᠠᠲᠠᠭᠤᠷᠠᠯ ᠲᠠᠢ ᠡᠪᠡᠳᠴᠢᠲᠡᠨ 8. ᠰᠢᠯᠤᠭᠤᠨ ᠭᠡᠳᠡᠰᠦᠨ ᠤ ᠦᠮᠡᠨ ᠳᠤ ᠨᠡᠷᠪᠡᠭᠳᠡᠭᠰᠡᠳ ᠫᠢᠸᠤ᠋ ᠤᠤᠭᠤᠬᠤ ᠳᠠᠭᠠᠨ ᠦᠯᠦ ᠲᠣᠬᠢᠷᠠᠬᠤ ᠢᠳᠡᠭᠡᠨ᠄ ᠳᠠᠷᠤᠢ ᠵᠢᠭᠠᠰᠤᠨ ᠮᠢᠬ᠎ᠠ᠂ ᠲᠣᠰᠣᠯᠢᠭ ᠱᠠᠩᠳᠠᠭᠤᠨ ᠢᠳᠡᠭᠡᠨ ᠪᠠ ᠬᠦᠴᠢᠯᠢᠭ᠂ ᠰᠢᠬᠢᠷᠯᠢᠭ᠂ ᠭᠠᠰᠢᠭᠤᠨ᠂ ᠬᠠᠯᠠᠭᠤᠨ ᠢᠳᠡᠭᠡᠨ ᠢ ᠦᠯᠦ ᠢᠳᠡᠨ᠎ᠡ᠃ ᠬᠠᠷᠢᠨ ᠲᠤᠰᠤᠨ ᠳᠤ ᠰᠢᠷᠠᠭᠰᠠᠨ ᠢᠳᠡᠭᠡᠨ᠂ ᠬᠡᠦᠷᠡᠭ ᠢᠳᠡᠭᠡᠨ ᠢᠳᠡᠪᠡᠯ ᠰᠠᠶᠢᠨ᠃ ᠰᠢᠷᠦᠭᠦᠨ ᠬᠥᠳᠡᠯᠭᠡᠭᠡᠨ ᠬᠢᠭᠰᠡᠨ ᠤ ᠳᠠᠷᠠᠭ᠎ᠠ ᠫᠢᠸᠤ᠋ ᠤᠤᠭᠤᠬᠤ ᠶᠢ ᠴᠡᠭᠡᠷᠯᠡᠬᠦ᠂ ᠫᠢᠸᠤ᠋ ᠶᠢ ᠬᠠᠷ᠎ᠠ ᠠᠷᠢᠬᠢ ᠲᠠᠢ ᠬᠤᠯᠢᠵᠤ ᠤᠤᠭᠤᠬᠤ ᠶᠢ ᠴᠡᠭᠡᠷᠯᠡᠬᠦ ᠬᠡᠷᠡᠭᠲᠡᠢ᠃ ᠮᠥᠨ ᠴᠦ ᠫᠢᠸᠤ᠋ ᠶᠢ ᠰᠢᠮᠡᠵᠦ ᠤᠤᠭᠤᠬᠤ ᠶᠢ ᠴᠡᠭᠡᠷᠯᠡᠬᠦ᠄ ᠤᠳᠠᠭᠠᠨ ᠰᠢᠮᠡᠵᠦ ᠤᠤᠭᠤᠪᠠᠯ ᠫᠢᠸᠤ᠋ ᠶᠢᠨ ᠭᠦᠭᠡᠰᠦ ᠪᠠᠭᠠᠰᠴᠤ ᠨᠡᠭᠦᠷᠡᠰᠦᠲᠦ᠋ᠷᠦᠭᠴᠢ ᠶᠢᠨ ᠳᠠᠪᠬᠤᠷ ᠢᠰᠦᠯ ᠨᠢ ᠬᠤᠷᠣᠭᠳᠠᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号