ᠭᠠᠯᠵᠠᠭᠤ ᠡᠪᠡᠳᠴᠢᠨ ᠢ ᠰᠡᠷᠭᠡᠶᠢᠯᠡᠨ ᠬᠤᠷᠢᠭᠯᠠᠬᠤ ᠤᠬᠠᠭᠤᠯᠭ᠎ᠠ
ᠨᠡᠶᠢᠲᠡᠯᠡᠭᠰᠡᠨ ᠴᠠᠭ᠄
2024/5/20
   ᠭᠠᠯᠵᠠᠭᠤ ᠡᠪᠡᠳᠴᠢᠨ ᠢ ᠤᠤᠯ ᠨᠢ ᠭᠠᠯᠵᠠᠭᠤ ᠨᠤᠬᠠᠢ ᠶᠢᠨ ᠡᠪᠡᠳᠴᠢᠨ ︵ᠬᠦᠮᠦᠨ ᠳᠤ ᠬᠠᠯᠳᠠᠪᠤᠷᠢᠯᠠᠪᠠᠯ ᠪᠠᠰᠠ ᠤᠰᠤᠨ ᠠᠴᠠ ᠠᠶᠤᠬᠤ ᠡᠪᠡᠳᠴᠢᠨ︶ ᠭᠡᠳᠡᠭ᠂ ᠭᠠᠯᠵᠠᠭᠤ ᠡᠪᠡᠳᠴᠢᠨ ᠤ ᠸᠢᠷᠦ᠋ᠰ ᠠᠴᠠ ᠬᠠᠯᠳᠠᠪᠤᠷᠢᠯᠠᠨ᠂ ᠲᠥᠪ ᠮᠡᠳᠡᠷᠡᠯ ᠤᠨ ᠰᠢᠰᠲ᠋ᠧᠮ ᠢ ᠬᠤᠣᠷᠳᠠᠭᠤᠯᠤᠨ ᠬᠦᠨᠦᠭᠡᠬᠦ ᠪᠠᠷ ᠤᠨᠴᠠᠯᠢᠭᠳᠠᠨ᠂ ᠦᠬᠦᠬᠦᠯᠬᠦ ᠴᠢᠨᠠᠷ ᠢᠶᠠᠷ ᠦᠨᠳᠦᠷ ᠬᠦᠮᠦᠨ ᠮᠠᠯ ᠳᠤ ᠨᠡᠶᠢᠳᠡᠮ ᠬᠠᠯᠳᠠᠪᠤᠷᠢᠯᠠᠬᠤ ᠲᠦᠷᠭᠡᠨ ᠴᠢᠨᠠᠷᠲᠠᠢ ᠬᠠᠯᠳᠠᠪᠤᠷᠢᠲᠤ ᠡᠪᠡᠳᠴᠢᠨ ᠪᠤᠯᠤᠨ᠎ᠠ᠃ ᠮᠠᠨ ᠤ ᠤᠯᠤᠰ᠂ ᠬᠤᠶᠠᠳᠤᠭᠠᠷ ᠲᠥᠷᠦᠯ ᠤᠨ ᠠᠮᠢᠲᠠᠨ ᠤ ᠬᠢᠵᠢᠭ ᠡᠪᠡᠳᠴᠢᠨ ᠢᠶᠠᠷ ᠲᠤᠭᠲᠠᠭᠠᠵᠠᠢ᠃    ⒈ ᠡᠮᠴᠢᠯᠡᠭᠡᠨ ᠤ ᠭᠤᠣᠯ ᠢᠯᠡᠷᠡᠯ    ᠡᠮᠴᠢᠯᠡᠭᠡᠨ ᠤ ᠭᠤᠣᠯ ᠢᠯᠡᠷᠡᠯ ᠨᠢ ᠳᠠᠭᠤ ᠴᠢᠮᠡᠭᠡ᠂ ᠰᠠᠯᠬᠢ ᠵᠢᠪᠠᠷ ᠪᠠ ᠭᠡᠷᠡᠯ ᠵᠡᠷᠭᠡ ᠠᠴᠠ ᠰᠤᠴᠢᠬᠤ᠂ ᠤᠰᠤᠨ ᠠᠴᠠ ᠠᠶᠤᠬᠤ᠂ ᠵᠠᠯᠬᠢᠬᠤ ᠪᠤᠯᠴᠢᠩ ᠨᠢ ᠲᠠᠲᠠᠯᠳᠤᠬᠤ᠂ ᠦᠷᠭᠦᠯᠵᠢᠯᠡᠬᠦ ᠴᠢᠨᠠᠷᠲᠠᠢ ᠲᠠᠮᠪᠠᠷᠠᠬᠤ ᠵᠡᠷᠭᠡ ᠢᠯᠡᠷᠡᠯ ᠲᠠᠢ᠂ ᠡᠪᠡᠳᠴᠢᠯᠡᠵᠦ ᠦᠬᠦᠬᠦ ᠨᠤᠷᠮ᠎ᠠ ᠨᠢ 100 % ᠬᠦᠷᠳᠡᠭ᠃ ᠬᠦᠮᠦᠨ ᠪᠤᠯᠤᠨ ᠲᠤᠭᠲᠠᠮᠠᠯ ᠳᠤᠯᠠᠭᠠᠨᠲᠤ ᠠᠮᠢᠲᠠᠨ ᠳᠤ ᠴᠦᠮ ᠬᠠᠯᠳᠠᠪᠤᠷᠢᠯᠠᠨ᠎ᠠ᠃ ᠦᠨᠡᠭᠡ ᠴᠢᠨ᠋ᠸ᠎ᠠ ᠵᠡᠷᠭᠡ ᠬᠡᠭᠡᠷ᠎ᠡ ᠶᠢᠨ ᠮᠢᠬᠠᠴᠢᠨ ᠠᠮᠢᠲᠠᠨ ᠳᠤ ᠪᠦᠷ ᠬᠠᠯᠳᠠᠪᠤᠷᠢᠯᠠᠳᠠᠭ᠃ ᠭᠠᠯᠵᠠᠭᠤ ᠡᠪᠡᠳᠴᠢᠨ ᠤ ᠨᠢᠭᠤᠭᠳᠠᠮᠠᠯ ᠬᠤᠭᠤᠴᠠᠭ᠎ᠠ ᠨᠢ ᠶᠡᠷᠦ ᠳᠡᠭᠡᠨ 6 ᠰᠠᠷ᠎ᠠ ᠪᠠᠶᠢᠳᠠᠭ ᠂ ᠪᠤᠭᠤᠨᠢᠬᠠᠨ ᠨᠢ 10 ᠡᠳᠦᠷ᠂ ᠤᠷᠲᠤ ᠨᠢ 1 ᠵᠢᠯ ᠠᠴᠠ ᠳᠡᠭᠡᠭᠰᠢ ᠪᠤᠯᠳᠠᠭ᠃ ᠡᠪᠡᠳᠴᠢᠯᠡᠭᠰᠡᠨ ᠠᠮᠢᠲᠠᠨ ᠪᠤᠯᠤᠨ ᠡᠪᠡᠳᠴᠢᠨ ᠤ ᠬᠤᠣᠷ ᠲᠠᠢ ᠠᠮᠢᠲᠠᠨ ᠪᠣᠯ ᠭᠠᠯᠵᠠᠭᠤ ᠡᠪᠡᠳᠴᠢᠨ ᠤ ᠬᠠᠯᠳᠠᠪᠤᠷᠢᠯᠠᠯ ᠤᠨ ᠡᠬᠢ ᠮᠦᠨ᠂ ᠡᠳᠡᠭᠡᠷ ᠠᠮᠢᠲᠠᠨ ᠤ ᠰᠢᠯᠦᠰᠦᠨ ᠳᠤ ᠶᠡᠭᠡ ᠬᠡᠮᠵᠢᠶᠡᠨ ᠤ ᠸᠢᠷᠦ᠋ᠰ ᠠᠭᠤᠯᠠᠳᠠᠭ᠃ ᠬᠠᠵᠠᠭᠰᠠᠨ ᠰᠢᠷᠬ᠎ᠠ ᠪᠣᠯ ᠠᠮᠢᠲᠠᠨ ᠤ ᠭᠠᠯᠵᠠᠭᠤ ᠡᠪᠡᠳᠴᠢᠨ ᠤ ᠨᠤᠬᠠᠢ ᠶᠢᠨ ᠬᠤᠭᠤᠷᠤᠨᠲᠤ᠂ ᠨᠤᠬᠠᠢ ᠪᠤᠯᠤᠨ ᠬᠦᠮᠦᠨ ᠠᠮᠢᠲᠠᠨ ᠤ ᠬᠤᠭᠤᠷᠤᠨᠳᠤᠬᠢ ᠬᠠᠯᠳᠠᠪᠤᠷᠢᠯᠠᠯ ᠤᠨ ᠭᠤᠣᠯ ᠵᠠᠮ ᠪᠤᠯᠤᠨ᠎ᠠ᠂ ᠴᠦᠬᠡᠨ ᠲᠤᠭᠠᠨ ᠤ ᠪᠠᠶᠢᠳᠠᠯ ᠳᠤ᠂ ᠪᠠᠰᠠ ᠡᠪᠡᠳᠴᠢᠨ ᠲᠠᠢ ᠨᠣᠬᠠᠢ ᠮᠤᠤᠷ ᠨᠢ ᠡᠷᠡᠭᠦᠯ ᠠᠮᠢᠲᠠᠨ ᠤ ᠰᠢᠷᠬ᠎ᠠ ᠶᠢ ᠳᠤᠯᠢᠶᠠᠭᠰᠠᠨ ᠠᠴᠠ ᠪᠤᠯᠵᠣ ᠬᠠᠯᠳᠠᠪᠤᠷᠢᠯᠠᠨ᠎ᠠ᠃    ⒉ ᠨᠤᠬᠠᠢ ᠮᠤᠤᠷ ᠤᠨ ᠭᠠᠯᠵᠠᠭᠤ ᠡᠪᠡᠳᠴᠢᠨ ᠨᠢ ᠶᠠᠮᠠᠷ ᠶᠠᠮᠠᠷ ᠶᠡᠷᠦᠳᠡ ᠶᠢᠨ ᠢᠯᠡᠷᠡᠯ ᠪᠠᠶᠢᠳᠠᠭ ᠪᠤᠢ︖ ᠭᠠᠯᠵᠠᠭᠤ ᠡᠪᠡᠳᠴᠢᠨ ᠢ ᠶᠡᠷᠦ ᠳᠡᠭᠡᠨ ᠭᠠᠯᠵᠠᠭᠤᠷᠠᠭᠰᠠᠨ ᠬᠡᠯᠪᠡᠷᠢ ᠪᠤᠯᠤᠨ ᠮᠢᠨᠴᠦᠭᠦᠷᠡᠭᠰᠡᠨ ᠬᠡᠯᠪᠡᠷᠢ ᠭᠡᠵᠦ ᠬᠤᠪᠢᠶᠠᠳᠠᠭ᠃ ᠭᠠᠯᠵᠠᠭᠤᠷᠠᠭᠰᠠᠨ ᠬᠡᠯᠪᠡᠷᠢ᠄ ᠤᠷᠢᠲᠤ ᠬᠤᠭᠤᠴᠠᠭᠠᠨ ᠳᠤ ᠡᠪᠡᠳᠴᠢᠨ ᠲᠠᠢ ᠨᠤᠬᠠᠢ ᠨᠢ ᠴᠤᠭ ᠰᠦᠯᠳᠡ ᠨᠢ ᠪᠠᠭᠤᠷᠠᠵᠤ᠂ ᠢᠳᠡᠰᠢᠨ ᠳᠤᠷᠠᠰᠢᠯ ᠨᠢ ᠬᠡᠪ ᠤᠨ ᠪᠤᠰᠤ ᠪᠠᠶᠢᠵᠤ᠂ ᠵᠠᠷᠢᠮ ᠳᠠᠭᠠᠨ ᠲᠡᠭᠷᠢ ᠥᠭᠡᠳᠡ ᠬᠤᠭᠤᠰᠤᠨ ᠬᠤᠴᠠᠳᠠᠭ᠃ ᠳᠤᠮᠳᠠ ᠬᠤᠭᠤᠴᠠᠭᠠᠨ ᠤ ᠭᠠᠯᠵᠠᠭᠤ ᠨᠤᠬᠠᠢ ᠨᠢ ᠲᠦᠢᠯ ᠢᠶᠠᠷ ᠲᠤᠭᠲᠤᠯᠤᠨ ᠰᠡᠷᠭᠦᠭᠵᠢᠵᠦ᠂ ᠦᠷᠭᠦᠯᠵᠢ ᠬᠦᠮᠦᠨ ᠠᠮᠢᠲᠠᠨ ᠢ ᠬᠠᠵᠠᠨ ᠳᠠᠭᠠᠷᠢᠳᠠᠭ᠃ ᠨᠤᠬᠠᠢ ᠨᠢ ᠢᠯᠡᠷᠡᠬᠡᠢ ᠡᠴᠡᠨ ᠲᠤᠷᠠᠵᠤ᠂ ᠰᠢᠯᠦᠰᠦ ᠪᠠᠨ ᠰᠠᠪᠢᠷᠠᠭᠤᠯᠬᠤ ᠪᠦᠭᠡᠳ ᠰᠡᠭᠦᠯ ᠢᠶᠠᠨ ᠬᠠᠪᠴᠢᠨ᠎ᠠ᠃ ᠰᠡᠭᠦᠯ ᠤᠨ ᠬᠤᠭᠤᠴᠠᠭᠠᠨ ᠳᠤ ᠡᠪᠡᠳᠴᠢᠨ ᠲᠠᠢ ᠨᠤᠬᠠᠢ ᠨᠢ ᠰᠢᠯᠦᠰᠦ ᠪᠠᠨ ᠭᠤᠭᠤᠵᠢᠭᠤᠯᠬᠤ ᠨᠢ ᠠᠷᠪᠢᠳᠴᠤ᠂ ᠬᠡᠯᠡ ᠪᠠᠨ ᠤᠨᠵᠠᠶᠢᠯᠭᠠᠨ᠂ ᠵᠠᠯᠭᠢᠬᠤ ᠳᠤ ᠬᠦᠴᠢᠷᠳᠡᠵᠦ᠂ ᠤᠰᠤ ᠤᠤᠭᠤᠬᠤ ᠰᠠᠨᠠᠭ᠎ᠠ ᠲᠠᠢ ᠴᠤ ᠤᠤᠭᠤᠬᠤ ᠠᠴᠠ ᠪᠠᠨ ᠠᠶᠤᠳᠠᠭ᠃ ᠤᠳᠠᠯ ᠦᠭᠡᠢ ᠪᠤᠰᠴᠦ ᠴᠢᠳᠠᠬᠤ ᠦᠭᠡᠢ ᠬᠡᠪᠲᠡᠬᠦ ᠪᠤᠯᠵᠤ᠂ ᠬᠠᠮᠤᠭ ᠰᠡᠭᠦᠯ ᠳᠤ ᠠᠮᠢᠰᠬᠤᠯ ᠤᠨ ᠲᠥᠪ ᠮᠡᠳᠡᠷᠡᠯ ᠨᠢ ᠮᠢᠨᠴᠦᠭᠦᠷᠡᠬᠦ ᠪᠤᠶᠤ ᠮᠠᠭᠤᠵᠢᠷᠠᠵᠤ ᠦᠬᠦᠳᠡᠭ᠃ ᠪᠦᠬᠦ᠋ᠢᠯᠡ ᠡᠪᠡᠳᠴᠢᠨ ᠤ ᠶᠠᠪᠤᠴᠠ ᠨᠢ ᠵᠢᠷᠭᠤᠭ᠎ᠠ ᠠᠴᠠ ᠨᠠᠢᠮᠠᠨ ᠡᠳᠦᠷ ᠪᠠᠶᠢᠵᠤ᠂ ᠴᠦᠬᠡᠨ ᠲᠤᠭᠠᠨ ᠤ ᠡᠪᠡᠳᠴᠢᠨ ᠤ ᠵᠢᠱᠢᠶ᠎ᠡ ᠨᠢ 10 ᠬᠤᠨᠤᠭ ᠪᠤᠯᠲᠠᠯ᠎ᠠ ᠦᠷᠭᠦᠯᠵᠢᠯᠡᠳᠡᠭ᠃ ᠮᠢᠨᠴᠦᠭᠦᠷᠡᠭᠰᠡᠨ ᠬᠡᠯᠪᠡᠷᠢ᠄ ᠡᠪᠡᠳᠴᠢᠨ ᠲᠠᠢ ᠨᠤᠬᠠᠢ ᠨᠢ ᠬᠦᠮᠦᠨ ᠢ ᠳᠠᠭᠠᠷᠢᠳᠠᠭ ᠦᠭᠡᠢ ᠪᠤᠶᠤ ᠢᠯᠢᠵᠦ ᠲᠡᠮᠲᠡᠷᠢᠬᠦ ᠳᠤ ᠬᠦᠮᠦᠨ ᠢ ᠬᠠᠵᠠᠳᠠᠭ᠂ ᠰᠢᠯᠦᠰᠦ ᠰᠠᠪᠢᠷᠠᠭᠤᠯᠬᠤ᠂ ᠠᠮᠠ ᠪᠠᠨ ᠠᠩᠭᠠᠶᠢᠬᠤ᠂ ᠵᠠᠯᠭᠢᠬᠤ ᠳᠤ ᠬᠦᠴᠢᠷᠳᠡᠬᠦ ᠪᠠ ᠤᠰᠤᠨ ᠠᠴᠠ ᠠᠶᠤᠬᠤ ᠵᠡᠷᠭᠡ ᠢᠯᠡᠷᠡᠯ ᠲᠠᠢ ᠪᠠᠶᠢᠵᠤ᠂ ᠬᠤᠶᠠᠷ ᠠᠴᠠ ᠲᠥᠷᠪᠡᠨ ᠡᠳᠦᠷ ᠪᠤᠯᠪᠠᠯ ᠦᠭᠦᠳᠡᠭ᠃ ᠮᠤᠤᠷ ᠲᠤ ᠭᠠᠯᠵᠠᠭᠤ ᠡᠪᠡᠳᠴᠢᠨ ᠬᠠᠯᠳᠠᠪᠤᠷᠢᠯᠠᠪᠠᠯ ᠶᠡᠷᠦ ᠳᠡᠭᠡᠨ ᠭᠠᠯᠵᠠᠭᠤᠷᠠᠭᠰᠠᠨ ᠬᠡᠯᠪᠡᠷᠢ ᠲᠠᠢ ᠪᠠᠶᠢᠵᠤ᠂ ᠢᠯᠡᠷᠡᠯ ᠨᠢ ᠨᠤᠬᠠᠢ ᠲᠠᠢ ᠲᠥᠰᠦᠭᠡᠲᠡᠢ᠂ ᠦᠢᠯᠡᠪᠦᠷᠢ ᠨᠢ ᠨᠤᠬᠠᠢ ᠠᠴᠠ ᠬᠤᠯᠠ ᠢᠯᠡᠭᠦᠦ ᠭᠠᠯᠵᠠᠭᠤ ᠪᠤᠯᠳᠠᠭ᠃ ᠡᠪᠡᠳᠴᠢᠨ ᠲᠠᠢ ᠮᠤᠤᠷ ᠨᠢ ᠳᠠᠯᠳᠠ ᠭᠠᠵᠠᠷ ᠨᠢᠭᠤᠨ ᠳᠠᠯᠳᠠᠯᠠᠵᠤ᠂ ᠬᠦᠮᠦᠨ ᠪᠤᠶᠤ ᠪᠤᠰᠤᠳ ᠠᠮᠢᠲᠠᠨ ᠣᠶᠢᠷᠠᠲᠤᠬᠤ ᠳᠤ ᠢᠳᠡᠪᠬᠢᠲᠡᠢ ᠰᠢᠷᠦᠭᠦᠨ ᠳᠠᠭᠠᠷᠢᠳᠠᠭ᠃ ᠡᠶᠢᠮᠦ ᠪᠤᠯᠬᠤᠷ᠂ ᠡᠪᠡᠳᠴᠢᠯᠡᠭᠰᠡᠨ ᠮᠤᠤᠷ ᠤᠨ ᠭᠠᠯᠵᠠᠭᠤ ᠡᠪᠡᠳᠴᠢᠨ ᠢ ᠲᠠᠷᠬᠠᠭᠠᠬᠤ ᠠᠶᠤᠯ ᠨᠢ ᠨᠤᠬᠠᠢ ᠠᠴᠠ ᠶᠡᠭᠡ ᠪᠠᠶᠢᠳᠠᠭ᠃ ᠬᠥᠳᠡᠭᠡ ᠨᠤᠲᠤᠭ ᠲᠤ ᠦᠨᠡᠭᠡ ᠴᠢᠨ᠋ᠸ᠎ᠠ ᠵᠡᠷᠭᠡ ᠠᠮᠢᠲᠠᠨ ᠭᠠᠯᠵᠠᠭᠤᠷᠠᠪᠠᠯ ᠬᠦᠮᠦᠨ ᠠᠮᠢᠲᠠᠨ ᠳᠤ ᠬᠢᠵᠢᠭ ᠲᠠᠷᠬᠠᠭᠠᠬᠤ ᠠᠶᠤᠯ ᠤᠷᠤᠰᠢᠳᠠᠭ᠃    ⒊ ᠰᠡᠷᠭᠡᠶᠢᠯᠡᠨ ᠬᠤᠷᠢᠭᠯᠠᠬᠤ     ᠪᠦᠬᠦ᠋ᠢᠯᠡ ᠭᠡᠷ ᠤᠨ ᠨᠤᠬᠠᠢ ᠳᠤ ᠭᠠᠯᠵᠠᠭᠤ ᠡᠪᠡᠳᠴᠢᠨ ᠤ ᠸᠠᠺᠼᠢᠨ ᠢᠶᠠᠷ ᠲᠠᠷᠢᠯᠭ᠎ᠠ ᠬᠢᠨ᠎ᠡ᠃ ᠬᠠᠷᠢᠭᠤᠯᠠᠯᠭ᠎ᠠ ᠮᠠᠯᠯᠠᠭ᠎ᠠ ᠪᠠᠨ ᠴᠢᠩᠭᠠᠳᠬᠠᠨ᠎ᠠ᠃    ⒋ ᠮᠠᠯ ᠲᠡᠵᠢᠭᠡᠪᠦᠷᠢ ᠭᠠᠯᠵᠠᠭᠤᠷᠠᠪᠠᠯ ᠶᠠᠭᠠᠬᠢᠵᠦ ᠰᠢᠢᠳᠪᠦᠷᠢᠯᠡᠬᠦ ᠪᠤᠢ︖ ᠠᠯᠢᠪᠠ ᠪᠠᠶᠢᠭᠤᠯᠭ᠎ᠠ ᠨᠢᠭᠡᠴᠡ ᠪᠤᠯᠤᠨ ᠬᠤᠪᠢ ᠬᠦᠮᠦᠨ ᠨᠢ ᠭᠠᠯᠵᠠᠭᠤ ᠡᠪᠡᠳᠴᠢᠨ ᠤ ᠡᠮᠴᠢᠯᠡᠭᠡᠨ ᠤ ᠢᠯᠡᠷᠡᠯ ᠲᠠᠢ ᠮᠠᠯ ᠳᠡᠵᠢᠭᠡᠪᠦᠷᠢ ᠶᠢ ᠤᠯᠵᠤ ᠮᠡᠳᠡᠪᠡᠯ ᠳᠠᠷᠦ᠋ᠢᠬᠠᠨ ᠲᠤᠰ ᠭᠠᠵᠠᠷ ᠤᠨ ᠠᠮᠢᠲᠠᠨ ᠤ ᠬᠢᠵᠢᠭ ᠰᠡᠷᠭᠡᠶᠢᠯᠡᠬᠦ ᠪᠠᠶᠢᠭᠤᠯᠤᠮᠵᠢ ᠳᠤ ᠮᠡᠳᠡᠭᠦᠯᠦᠨ᠎ᠡ᠃ ᠠᠮᠢᠲᠠᠨ ᠤ ᠬᠢᠵᠢᠭ ᠰᠡᠷᠭᠡᠶᠢᠯᠡᠬᠦ ᠪᠠᠶᠢᠭᠤᠯᠤᠮᠵᠢ ᠨᠢ ︽ᠭᠠᠯᠵᠠᠭᠤ ᠡᠪᠡᠳᠴᠢᠨ ᠢ ᠰᠡᠷᠭᠡᠶᠢᠯᠡᠨ ᠵᠠᠰᠠᠬᠤ ᠮᠡᠷᠭᠡᠵᠢᠯ ᠤᠨ ᠳᠦᠷᠢᠮᠵᠢᠯ︾ ᠢᠶᠠᠷ ᠰᠢᠢᠳᠪᠦᠷᠢᠯᠡᠨ᠎ᠡ᠃ ᠡᠪᠡᠳᠴᠢᠯᠡᠭᠰᠡᠨ ᠠᠮᠢᠲᠠᠨ ᠪᠣᠯᠤᠨ ᠭᠠᠯᠵᠠᠭᠤ ᠠᠮᠢᠲᠠᠨ ᠳᠤ ᠬᠠᠵᠠᠭᠳᠠᠵᠤ ᠰᠢᠷᠬᠠᠳᠠᠭᠰᠠᠨ ᠪᠤᠰᠤᠳ ᠠᠮᠢᠲᠠᠨ ᠢ ᠪᠦᠬᠦᠨ ᠢ ᠠᠯᠠᠵᠤ᠂ ᠬᠤᠤᠷᠭᠦ᠋ᠢᠵᠢᠭᠦᠯᠦᠨ ᠰᠢᠢᠳᠪᠦᠷᠢᠯᠡᠨ᠎ᠡ᠃ ᠪᠦᠬᠦ᠋ᠢᠯᠡ ᠨᠤᠬᠠᠢ᠂ ᠮᠤᠤᠷ ᠲᠤ ᠨᠢᠭᠡ ᠤᠳᠠᠭᠠᠨ ᠤ ᠭᠠᠯᠵᠠᠭᠤ ᠡᠪᠡᠳᠴᠢᠨ ᠤ ᠪᠠᠴᠢᠮ ᠡᠭᠡᠯᠢᠯᠭᠡ ᠬᠢᠬᠦ ᠮᠦᠷᠲᠡᠭᠡᠨ ᠳᠤᠷ᠎ᠠ ᠪᠠᠷ ᠰᠢᠯᠵᠢᠵᠦ ᠶᠠᠪᠤᠬᠤ ᠶᠢ ᠬᠤᠷᠢᠭᠯᠠᠨ᠎ᠠ᠃ ᠪᠤᠵᠠᠷᠳᠤᠭᠰᠠᠨ ᠪᠠᠭᠠᠵᠢ ᠬᠡᠷᠡᠭᠰᠡᠯ᠂ ᠲᠠᠯᠠᠪᠠᠢ ᠶᠢ ᠪᠦᠬᠦᠨ ᠢ ᠭᠦᠢᠴᠡᠳ ᠠᠷᠢᠭᠤᠳᠬᠠᠨ᠎ᠠ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号