ᠬᠠᠩᠰᠢ ᠶᠢᠨ ᠠᠮᠠᠷᠠᠯᠲᠠ ᠳᠤ ᠮᠠᠨ ᠤ ᠤᠷᠤᠨ ᠤ ᠲᠡᠮᠦᠷ ᠵᠠᠮ ᠤᠨ ᠰᠠᠯᠠᠭ᠎ᠠ ᠮᠥᠴᠢᠷ ᠨᠡᠶᠢᠲᠡ 42.8 ᠲᠦᠮᠡᠨ | ᠠᠶᠠᠨᠴᠢᠨ ︵ᠤᠳᠠᠭ᠎ᠠ︶ ᠵᠦᠭᠡᠭᠡᠪᠦᠷᠢᠯᠡᠵᠤ᠂ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ 97.2% ᠢᠶᠠᠷ | ᠨᠡᠮᠡᠭᠳᠡᠵᠦ᠂ 2019 ᠣᠨ ᠤ ᠠᠳᠠᠯᠢ ᠬᠤᠭᠤᠴᠠᠭᠠᠨ ᠤ ᠬᠢ ᠠᠴᠠ 14.1% ᠪᠠᠷ ᠨᠡᠮᠡᠭᠳᠡᠪᠡ᠃ | ᠠᠶᠠᠨᠴᠢᠳ ᠤᠨ ᠠᠶᠠᠯᠠᠯ ᠤᠨ ᠬᠡᠷᠡᠭᠴᠡᠭᠡ ᠶᠢ ᠬᠠᠩᠭᠠᠬᠤ ᠶᠢᠨ ᠲᠥᠯᠥᠭᠡ᠂ ᠬᠥᠬᠡᠬᠤᠲᠠ ᠶᠢᠨ ᠲᠡᠮᠦᠷ ᠵᠠᠮ ᠤᠨ | ᠲᠤᠪᠴᠢᠶ᠎ᠠ ᠬᠠᠨᠭ᠍ᠰᠢ ᠶᠢᠨ ᠠᠮᠠᠷᠠᠯᠲᠠ ᠳᠤ ᠪᠤᠭᠤᠲᠤ — ᠱᠧᠨᠵᠧᠨ ᠤ ᠵᠡᠭᠦᠨ ᠦᠷᠲᠡᠭᠡ ᠬᠦᠷᠬᠦ᠂ ᠪᠤᠭᠤᠲᠤ — | ᠬᠠᠩᠵᠧᠦ ᠬᠦ᠋ᠷᠬᠦ᠂ ᠬᠥᠬᠡᠬᠤᠲᠠ — ᠭᠤᠸᠠᠩᠵᠧᠦ ᠬᠦ᠋ᠷᠬᠦ᠂ ᠬᠥᠬᠡᠬᠤᠲᠠ — ᠢᠷᠭᠠᠢ ᠬᠦ᠋ᠷᠬᠦ᠂ ᠪᠤᠭᠤᠲᠤ — | ᠳ᠋ᠠᠲ᠋ᠦ᠋ᠩ ᠬᠦ᠋ᠷᠬᠦ ᠣᠷᠣᠨ ᠪᠦᠰᠡ ᠠᠯᠤᠰᠯᠠᠭᠰᠠᠨ ᠳᠤᠮᠳᠠ ᠬᠤᠯᠠ ᠵᠠᠮ ᠤᠨ ᠠᠶᠠᠨᠴᠢᠳ ᠤᠨ ᠭᠠᠯᠲᠤ ᠲᠡᠷᠭᠡ ᠢᠢ 6 | ᠬᠤᠣᠰ ᠨᠡᠮᠡᠪᠠ︔ ᠬᠥᠬᠡᠬᠤᠲᠠ᠂ ᠪᠤᠭᠤᠲᠤ ᠬᠢᠭᠡᠳ ᠪᠡᠭᠡᠵᠢᠩ ᠤᠨ ᠬᠤᠭᠤᠷᠣᠨᠳᠣᠬᠢ ᠲᠦᠷᠭᠡᠨ ᠤ ᠲᠡᠮᠦᠷ ᠵᠠᠮ | ᠪᠣᠯᠤᠨ ᠬᠦᠳᠡᠯᠭᠡᠭᠦ ᠬᠦᠴᠦᠨᠲᠤ ᠭᠠᠯᠲᠤ ᠲᠡᠷᠭᠡᠨ ᠤ ᠨᠢᠭᠲᠠᠴᠠ ᠢᠢ ᠬᠠᠮᠤᠭ ᠤᠨ ᠶᠡᠭᠡ ᠬᠡᠮᠵᠢᠶ᠎ᠡ ᠪᠠᠷ ᠨᠡᠮᠡᠭᠳᠡᠭᠦᠯᠵᠦ᠂ | ᠬᠠᠮᠤᠭ ᠤᠨ ᠠᠷᠪᠢᠨ ᠳᠠᠭᠠᠨ ᠡᠳᠦᠷ ᠪᠦᠷᠢ 43 ᠬᠤᠤᠰ ᠲᠤ ᠬᠦᠷᠭᠡᠪᠠ︔ ᠠᠶᠠᠨᠴᠢᠳ ᠤᠨ ᠣᠶᠢᠷ᠎ᠠ ᠵᠠᠮ ᠤᠨ | ᠠᠶᠠᠯᠠᠯ ᠳᠤ ᠲᠥᠬᠦᠮ ᠦᠵᠡᠭᠦᠯᠬᠦ ᠶᠢᠨ ᠲᠥᠯᠥᠭᠡ᠂ ᠬᠥᠬᠡᠬᠤᠲᠠ᠂ ᠪᠤᠭᠤᠲᠤ᠂ ᠣᠷᠳᠣᠰ ᠪᠣᠯᠤᠨ ᠪᠠᠶᠠᠨᠨᠠᠭᠤᠷ ᠤᠨ | ᠬᠤᠭᠤᠷᠣᠨᠳᠣᠬᠢ ᠬᠦᠳᠡᠯᠭᠡᠬᠦ ᠬᠦᠴᠦᠨᠲᠤ ᠭᠠᠯᠲᠤ ᠲᠡᠷᠭᠡ᠂ ᠬᠤᠲᠠ ᠶᠢᠨ ᠬᠤᠭᠤᠷᠣᠨᠳᠣᠬᠢ ᠭᠠᠯᠲᠤ ᠲᠡᠷᠭᠡ ᠪᠣᠯᠤᠨ | ᠡᠩ ᠤᠨ ᠬᠤᠷᠳᠤᠴᠠᠲᠤ ᠭᠠᠯᠲᠤ ᠲᠡᠷᠭᠡ ᠢᠢ 9 ᠬᠤᠤᠰ ᠨᠡᠮᠡᠪᠠ᠃ ᠡᠭᠦᠨ ᠤ ᠬᠠᠮᠲᠤ ᠵᠦᠭᠡᠭᠡᠪᠦᠷᠢ ᠶᠢᠨ | ᠴᠢᠳᠠᠪᠬᠢ ᠪᠠᠷ ᠪᠠᠴᠢᠮ ᠪᠠᠶᠢᠬᠤ ᠵᠠᠷᠢᠮ ᠭᠠᠯᠲᠤ ᠲᠡᠷᠭᠡ ᠢᠢ ᠬᠤᠯᠪᠤᠨ ᠨᠡᠮᠡᠵᠤ᠂ ᠡᠳᠦᠷ ᠪᠦᠷᠢ 2000 ᠭᠠᠷᠤᠶ | ᠰᠠᠭᠤᠳᠠᠯ ᠨᠡᠮᠡᠵᠦ᠂ ᠵᠦᠭᠡᠭᠡᠪᠦᠷᠢ ᠶᠢᠨ ᠴᠢᠳᠠᠪᠬᠢ ᠢᠢ ᠬᠠᠮᠤᠭ ᠤᠨ ᠶᠡᠭᠡ ᠬᠡᠮᠵᠢᠶ᠎ᠡ ᠪᠠᠷ ᠳᠡᠭᠡᠭᠰᠢᠯᠡᠭᠦᠯᠤᠨ᠂ | ᠠᠶᠠᠨᠴᠢᠳ ᠤᠨ ᠶᠠᠪᠤᠵᠤ ᠰᠠᠭᠤᠬᠤ ᠬᠡᠷᠡᠭᠴᠡᠭᠡ ᠢᠢ ᠬᠠᠨᠭ᠍ᠭᠠᠭᠰᠠᠨ ᠪᠠᠶᠢᠨ᠎ᠠ᠃ |