ᠪᠡᠶ᠎ᠡ ᠰᠤᠪᠢᠯᠠᠬᠤ ᠳᠤ ᠠᠩᠬᠠᠷᠬᠤ ᠴᠡᠬᠡᠷ
ᠨᠡᠶᠢᠲᠡᠯᠡᠭᠰᠡᠨ ᠴᠠᠭ᠄
2024/4/29
    ᠥᠳᠡᠯᠪᠡᠯ ᠰᠠᠶ᠋ᠢ ᠰᠤᠪᠢᠯᠠᠬᠤ ᠵᠠᠷᠢᠮ ᠬᠥᠮᠤᠰ ᠪᠡᠶ᠎ᠡ ᠰᠤᠪᠢᠯᠠᠬᠤ ᠪᠤᠯ ᠨᠠᠰᠤᠳᠠᠶᠢᠴᠤᠤᠨ ᠤᠨ ᠶᠠᠪᠤᠳᠠᠯ᠂ ᠵᠠᠯᠠᠭᠤ ᠳᠤ ᠪᠠᠨ ᠪᠡᠶ᠎ᠡ ᠰᠤᠪᠢᠯᠠᠬᠤ ᠴᠢᠬᠤᠯᠠ ᠥᠬᠡᠢ ᠬᠡᠵᠤ ᠥᠵᠡᠳᠡᠭ᠃ ᠥᠨᠡᠨ ᠳᠤ ᠪᠠᠨ ᠪᠡᠶ᠎ᠡ ᠰᠤᠪᠢᠯᠠᠬᠤ ᠶᠢ ᠨᠢᠯᠬ᠎ᠠ ᠬᠡᠤᠬᠡᠤᠨ ᠠᠴᠠ ᠡᠬᠢᠯᠡᠨ ᠠᠳᠬᠤᠬᠤ ᠬᠡᠷᠡᠭᠳᠡᠢ᠃ ᠡᠨᠡ ᠨᠢ ᠮᠠᠰᠢᠨ ᠬᠥᠮᠤᠨ ᠢ ᠰᠢᠨ᠎ᠡ ᠲᠡᠬᠡᠷ᠎ᠡ ᠨᠢ ᠠᠷᠠᠴᠢᠯᠠᠬᠤ ᠲᠠᠢ ᠠᠳᠠᠯᠢ᠃ ᠰᠡᠯᠪᠢᠭ ᠲᠤᠨᠤᠭ ᠨᠢ ᠬᠤᠬᠢᠷᠠᠭᠰᠠᠨ ᠤ ᠲᠠᠷᠠᠭ᠎ᠠ ᠠᠷᠠᠴᠢᠯᠠᠪᠠᠯ ᠥᠷ᠎ᠠ ᠪᠥᠳᠤᠮᠵᠢ ᠨᠢ ᠶᠡᠭᠡ ᠪᠠᠷ ᠪᠠᠭᠤᠷᠠᠨ᠎ᠠ᠃ ᠡᠪᠡᠳᠴᠢᠯᠡᠪᠡᠯ ᠰᠠᠶ᠋ᠢ ᠡᠮᠨᠡᠬᠦᠯᠬᠦ ᠵᠠᠷᠢᠮ ᠬᠥᠮᠤᠰ ᠡᠪᠡᠳᠴᠢᠯᠡᠬᠦ ᠥᠬᠡᠢ ᠪᠤᠯ ᠪᠡᠶ᠎ᠡ ᠶᠢᠨ ᠪᠠᠶᠢᠴᠠᠭᠠᠯᠳᠠ ᠬᠢᠯᠬᠡᠬᠦ ᠥᠬᠡᠢ᠂ ᠡᠪᠡᠳᠴᠢᠯᠡᠪᠡᠯ ᠰᠠᠶ᠋ᠢ ᠡᠮᠴᠢ ᠳᠤ ᠤᠴᠢᠳᠠᠭ᠃ ᠥᠨᠡᠨ ᠳᠤ ᠪᠠᠨ ᠪᠡᠶ᠎ᠡ ᠰᠤᠪᠢᠯᠠᠬᠤ ᠪᠤᠯ ᠰᠡᠷᠬᠡᠶᠢᠯᠡᠬᠦ ᠪᠠᠷ ᠭᠤᠤᠯᠳᠠᠭᠤᠯᠵᠤ᠂ ᠶᠡᠷᠤ ᠳᠤ ᠪᠠᠨ ᠲᠤᠭᠳᠠᠮᠠᠯ ᠬᠤᠭᠤᠴᠠᠭ᠎ᠠ ᠲᠠᠢ ᠪᠠᠶᠢᠴᠠᠭᠠᠯᠳᠠ ᠬᠢᠯᠬᠡᠵᠤ᠂ ᠲᠤᠭᠳᠠᠭᠰᠠᠨ ᠴᠠᠭ ᠲᠤ ᠨᠢ ᠬᠠᠮᠠᠭᠠᠯᠠᠬᠤ ᠬᠡᠷᠡᠭᠳᠡᠢ᠃ ᠥᠯᠤᠰᠪᠡᠯ ᠰᠠᠶ᠋ᠢ ᠢᠳᠡᠬᠦ ᠵᠠᠷᠢᠮ ᠬᠥᠮᠤᠰ ᠥᠷᠯᠤᠬᠡ ᠶᠢᠨ ᠬᠤᠭᠤᠯᠠ ᠢᠳᠡᠬᠦ ᠥᠬᠡᠢ ᠪᠤᠶᠤ ᠲᠤᠭᠳᠠᠭᠰᠠᠨ ᠴᠠᠭ ᠲᠤ ᠪᠠᠨ ᠬᠤᠭᠤᠯᠠᠯᠠᠬᠤ ᠥᠬᠡᠢ ᠪᠠᠶᠢᠳᠠᠭ᠂ ᠰᠢᠯᠳᠠᠭᠠᠨ ᠨᠢ ᠥᠯᠤᠰᠬᠦ ᠥᠬᠡᠢ ᠶᠤᠮ ᠴᠢᠨᠢ ᠬᠡᠨ᠎ᠡ᠃ ᠮᠠᠬᠠᠪᠤᠤᠨ ᠤᠨ ᠵᠥᠢ ᠪᠢᠳᠡᠨ ᠳᠤ ᠬᠡᠯᠡᠭᠰᠡᠨ ᠨᠢ᠂ ᠢᠳᠡᠬᠡᠨ ᠬᠤᠳᠤᠭᠤᠳᠤᠨ ᠲᠤᠳᠤᠷ᠎ᠠ 4 — 5 ᠴᠠᠭ ᠥᠩᠭᠡᠷᠡᠪᠡᠯ ᠪᠥᠷᠢᠮᠤᠰᠤᠨ ᠭᠠᠳᠠᠭᠰᠢᠯᠠᠳᠠᠭ᠃ ᠥᠯᠤᠰᠬᠦ ᠲᠥᠷᠦᠭᠳᠡᠯ ᠤᠷᠤᠬᠤ ᠥᠶᠡᠰ ᠬᠤᠳᠤᠭᠤᠳᠤᠨ ᠰᠢᠩᠭᠡᠨ ᠨᠢᠬᠡᠨᠳᠡ ᠬᠤᠳᠤᠭᠤᠳᠤᠨ ᠤ ᠰᠠᠯᠢᠰᠤᠳᠤ ᠪᠥᠷᠬᠦᠪᠴᠢ ᠶᠢ ᠡᠬᠢᠯᠡᠨ ᠰᠢᠩᠭᠡᠭᠡᠵᠤ ᠪᠤᠢ᠂ ᠲᠥᠷᠢᠮ ᠭᠤᠷᠢᠮ ᠲᠠᠢ ᠢᠳᠡᠬᠡᠨ ᠤᠮᠳᠠᠭᠠᠨ ᠤ ᠲᠠᠳᠬᠠᠯ᠂ ᠲᠡᠩᠴᠡᠬᠦᠷᠢᠳᠠᠢ ᠰᠢᠮ᠎ᠡ ᠲᠡᠵᠢᠬᠡᠯ ᠨᠢ ᠪᠡᠶ᠎ᠡ ᠰᠤᠪᠢᠯᠠᠬᠤ ᠪᠠ ᠡᠷᠡᠬᠦᠯᠵᠢᠯ ᠤᠨ ᠲᠤᠳᠠᠭᠳᠠᠵᠤ ᠪᠤᠯᠤᠰᠢ ᠥᠬᠡᠢ ᠪᠤᠳᠠᠰ ᠤᠨ ᠰᠠᠭᠤᠷᠢ ᠪᠤᠯᠤᠨ᠎ᠠ᠃ ᠤᠮᠳᠠᠭᠠᠰᠪᠠᠯ ᠰᠠᠶ᠋ᠢ ᠤᠤᠭᠤᠬᠤ ᠶᠡᠷᠤ ᠳᠤ ᠪᠠᠨ ᠤᠰᠤ ᠤᠤᠭᠤᠬᠤ ᠥᠬᠡᠢ᠂ ᠤᠮᠳᠠᠭᠠᠰᠪᠠᠯ ᠰᠠᠶ᠋ᠢ ᠤᠰᠤ ᠤᠤᠭᠤᠬᠤ ᠪᠤᠯ ᠪᠤᠷᠤᠭᠤ ᠬᠢᠳᠠᠯ ᠮᠦᠨ᠂ ᠤᠰᠤᠨ ᠤ ᠬᠥᠮᠤᠨ ᠤ ᠪᠡᠶ᠎ᠡ ᠶᠢᠨ ᠰᠢᠨ᠎ᠡ ᠬᠠᠭᠤᠴᠢᠨ ᠤ ᠰᠤᠯᠢᠯᠴᠠᠭ᠎ᠠ ᠳᠤ ᠥᠵᠡᠬᠦᠯᠬᠦ ᠤᠢᠢᠯᠡᠳᠤᠯ ᠨᠢ ᠢᠳᠡᠬᠡᠨ ᠠᠴᠠ ᠪᠠᠰᠠ ᠴᠢᠬᠤᠯᠠ ᠶᠤᠮ᠃ ᠤᠮᠳᠠᠭᠠᠰᠬᠤ ᠲᠥᠷᠥᠭᠳᠡᠯ ᠲᠠᠢ ᠥᠶᠡᠰ᠂ ᠪᠡᠶ᠎ᠡ ᠮᠠᠬᠠᠪᠤᠤᠨ ᠤᠰᠤ ᠲᠤᠳᠠᠭᠠᠤᠨ ᠵᠤᠬᠢᠬᠤ ᠬᠡᠮᠵᠢᠶ᠎ᠡ ᠪᠤᠯᠤᠭᠰᠠᠨ ᠢ ᠬᠠᠷᠠᠭᠤᠯᠵᠤ ᠪᠤᠢ᠃ ᠡᠮᠴᠢᠯᠡᠬᠡᠨ ᠲᠡᠬᠡᠷ᠎ᠡ ᠢᠯᠡᠷᠡᠬᠦᠯᠦᠭᠰᠡᠨ ᠢᠶᠠᠷ᠂ ᠥᠷᠬᠦᠯᠵᠢ ᠤᠰᠤ ᠤᠤᠭᠤᠬᠤ ᠥᠬᠡᠢ ᠬᠥᠮᠤᠨ ᠬᠤᠷᠭᠤᠰᠤᠯᠠᠬᠤ᠂ ᠰᠢᠬᠡᠰᠤᠨ ᠵᠠᠮ ᠤᠨ ᠴᠢᠯᠠᠭᠤᠵᠢᠯ ᠤᠯᠬᠤ ᠨᠤᠷᠮ᠎ᠠ ᠨᠢ ᠤᠰᠤ ᠤᠤᠭᠤᠬᠤ ᠲᠠᠳᠬᠠᠯ ᠲᠠᠢ ᠬᠥᠮᠤᠨ ᠤ ᠬᠢ ᠠᠴᠠ ᠮᠡᠳᠡᠭᠳᠡᠮ᠎ᠡ ᠥᠨᠳᠤᠷ ᠪᠠᠶᠢᠳᠠᠭ᠃ ᠰᠠᠨᠳᠤᠷᠪᠠᠯ ᠰᠠᠶ᠋ᠢ ᠭᠠᠳᠠᠭᠠᠯᠠᠬᠤ ᠵᠠᠷᠢᠮ ᠬᠥᠮᠤᠰ ᠲᠤᠭᠳᠠᠭᠰᠠᠨ ᠴᠠᠭ ᠲᠤ ᠪᠠᠨ ᠭᠠᠳᠠᠭᠠᠯᠠᠬᠤ ᠵᠠᠩᠰᠢᠯ ᠥᠬᠡᠢ᠂ ᠲᠡᠷᠡᠴᠢᠯᠡᠨ ᠭᠠᠳᠠᠭᠠᠯᠠᠬᠤ ᠪᠤᠯᠴᠢᠬᠠᠭᠠᠤᠨ ᠬᠤᠷᠢᠬᠤ ᠨᠢ ᠡᠷᠡᠬᠦᠯ ᠮᠡᠨᠳᠤ ᠳᠤ ᠲᠤᠩ ᠠᠰᠢᠭ ᠥᠬᠡᠢ᠃ ᠥᠳᠬᠡᠨ ᠰᠢᠩᠭᠡᠨ ᠮᠥᠷ ᠪᠡᠶ᠎ᠡ ᠶᠢᠨ ᠲᠤᠳᠤᠷ᠎ᠠ ᠤᠷᠳᠤ ᠴᠠᠭ ᠪᠠᠶᠢᠬᠤ ᠨᠢ ᠬᠤᠷᠭᠤᠰᠤᠯᠠᠬᠤ ᠪᠠ ᠲᠠᠪᠤᠰᠠᠩ ᠢ ᠬᠡᠳᠤᠷᠬᠡᠢ ᠲᠠᠯᠠᠵᠤ᠂ ᠲᠤᠳᠤᠷᠠᠬᠢ ᠬᠤᠤᠷᠳᠠᠢ ᠪᠤᠳᠠᠰ ᠨᠢ ᠪᠡᠶ᠎ᠡ ᠳᠤ ᠰᠢᠩᠭᠡᠵᠤ᠂ ᠠᠮᠠᠷᠬᠠᠨ ᠬᠤᠤᠷᠳᠠᠭᠳᠠᠨ᠎ᠠ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号