1. ᠳᠣᠷᠠᠳᠠᠢ ᠵᠦᠢᠯ ᠠᠴᠠ ᠪᠠᠨ ᠭᠠᠷᠳᠠᠨ᠎ᠠ᠃ ᠪᠡᠶ᠎ᠡ ᠪᠠᠨ ᠪᠠᠷᠢᠬᠤ ᠰᠠᠶᠢᠨ ᠳᠠᠳᠬᠠᠯ ᠲᠠᠢ ᠪᠣᠯᠣᠶ᠎ᠠ ᠭᠡᠪᠡᠯ᠂ | ᠥᠪᠡᠷ ᠤᠨ ᠳᠤᠷᠠᠲᠠᠢ ᠵᠦᠢᠯ ᠠᠴᠠ ᠪᠠᠨ ᠭᠠᠷᠳᠠᠵᠤ ᠬᠢᠬᠦ ᠬᠡᠷᠡᠭᠲᠡᠢ᠃ ᠨᠣᠮ ᠳᠤ ᠳᠤᠷᠠᠲᠠᠢ ᠬᠥᠮᠥᠨ ᠡᠷᠲᠡ | ᠪᠣᠰᠣᠭᠠᠳ ᠥᠷᠯᠥᠭᠡ ᠨᠢᠭᠡ ᠴᠠᠭ ᠨᠤᠮ ᠤᠩᠰᠢᠬᠤ ᠨᠢ ᠡᠩ ᠤᠨ ᠯᠠ ᠶᠠᠪᠤᠳᠠᠯ︔ ᠳᠠᠮᠢᠷ ᠰᠫᠤᠷᠲ ᠳᠤ ᠳᠤᠷᠠᠲᠠᠢ | ᠬᠥᠮᠥᠨ ᠬᠦᠶᠦᠵᠦ ᠪᠠᠶᠢᠭᠠᠳ ᠬᠥᠯᠥᠰᠦ ᠠᠰᠬᠠᠷᠠᠭᠤᠯᠬᠤ ᠳᠤ ᠦᠪᠡᠷ ᠲᠤᠨᠢ ᠵᠢᠷᠭᠠᠯ ᠲᠠᠢ ᠮᠡᠳᠡᠷᠡᠮᠵᠢ ᠥᠭᠬᠦᠨ᠎ᠡ᠃ | ᠡᠶᠢᠮᠦ ᠠᠴᠠ ᠪᠡᠶ᠎ᠡ ᠳᠡᠭᠡᠨ ᠲᠣᠬᠢᠷᠠᠬᠤ ᠦᠭᠡᠢ ᠵᠦᠢᠯ ᠢ ᠠᠯᠪᠠ ᠪᠠᠷ ᠬᠢᠬᠦ ᠶᠢᠨ ᠣᠷᠣᠨ ᠳᠤ ᠬᠠᠷᠢᠨ ᠳᠣᠷᠠᠳᠠᠢ | ᠵᠦᠢᠯ ᠢᠶᠠᠨ ᠣᠯᠵᠤ ᠠᠪᠤᠭᠠᠳ᠂ ᠪᠠᠷᠢᠮᠳᠠᠯᠠᠵᠦ ᠶᠠᠪᠤᠬᠤ ᠨᠢ ᠴᠢᠬᠤᠯᠠ᠃ 2. ᠨᠠᠷᠢᠨ ᠨᠢᠮᠪᠠᠢ ᠬᠠᠷᠠᠯᠲᠠ ᠲᠠᠢ | ᠪᠠᠶᠢᠬᠤ᠃ ᠡᠷᠲᠡ ᠤᠨᠲᠠᠵᠤ ᠡᠷᠲᠡ ᠪᠤᠰᠬᠤ ᠪᠠᠷ ᠵᠤᠷᠢᠭ ᠰᠢᠭᠤᠳᠣᠬᠰᠠᠨ ᠪᠠᠶᠢᠳᠠᠯ᠎ᠠ ᠪᠠᠨ ᠤᠲᠠᠰᠤ ᠪᠠᠨ ᠪᠠᠷᠢᠬᠰᠠᠭᠠᠷ | ᠪᠠᠶᠢᠭᠠᠳ ᠰᠦᠨᠢ ᠶᠢᠨ ᠬᠤᠶᠠᠷ ᠴᠠᠭ ᠪᠤᠯᠭᠠᠴᠢᠬᠠᠨ᠎ᠠ︔ ᠬᠡᠳᠦᠨ ᠨᠣᠮ ᠤᠩᠰᠢᠬᠤ ᠰᠠᠨᠠᠭᠠᠳᠠᠢ ᠪᠠᠶᠢᠬᠰᠠᠨ ᠴᠦ ᠺᠢᠨᠤ᠋ | ᠵᠦᠴᠦᠭᠡ ᠬᠦᠭᠡᠭᠡᠭᠡᠳ ᠶᠠᠪᠤᠴᠢᠬᠠᠨ᠎ᠠ ᠁ ᠳᠡᠭᠦᠨ ᠤ ᠤᠴᠢᠷ ᠨᠢ ᠲᠠ ᠠᠮᠢᠳᠣᠷᠠᠯ ᠳᠠᠭᠠᠨ ᠪᠤᠳᠠᠳᠠᠢ ᠪᠠᠷ ᠨᠠᠷᠢᠨ | ᠬᠠᠷᠠᠯᠲᠠ ᠳᠣᠭᠳᠠᠭᠠᠭᠠ ᠦᠭᠡᠢ ᠳᠤ ᠪᠠᠶᠢᠨ᠎ᠠ᠃ ᠶᠡᠭᠡ ᠶᠢ ᠬᠢᠬᠦ ᠳᠤ ᠴᠦ ᠠᠳᠠᠯᠢᠬᠠᠨ ᠪᠠᠭ᠎ᠠ ᠪᠠᠭ᠎ᠠ ᠬᠠᠷᠠᠯᠲᠠ ᠪᠠᠨ | ᠨᠠᠷᠢᠨ ᠪᠣᠳᠠᠲᠠᠢ ᠳᠤᠭᠳᠠᠭᠠᠨ ᠭᠡᠷᠡᠭᠵᠢᠬᠦᠯᠵᠦ ᠴᠢᠳᠠᠪᠠᠯ᠂ ᠶᠠᠪᠤᠭᠠᠨ ᠳᠠᠭᠠᠨ ᠳᠦᠷᠢᠮᠵᠢᠬᠦ ᠪᠤᠯᠤᠨ᠎ᠠ᠃ 3. ᠪᠣᠯᠣᠮᠵᠢ | ᠦᠭᠡᠢ ᠬᠠᠷᠠᠯᠲᠠ ᠠᠴᠠ ᠲᠠᠲᠠᠭᠠᠯᠵᠠᠬᠤ᠃ ᠠᠮᠢᠳᠤᠷᠠᠯ ᠳᠤᠮᠳᠠ᠂ ᠣᠯᠠᠨ ᠬᠦᠮᠦᠰ ᠤᠴᠢᠷ ᠶᠠᠪᠤᠳᠠᠯ ᠳᠤ ᠪᠠᠷᠰ ᠤᠨ | ᠳᠣᠯᠣᠭᠠᠢ ᠪᠠᠷ ᠡᠬᠢᠯᠡᠬᠡᠳ᠂ ᠮᠤᠭᠠᠢ ᠶᠢᠨ ᠰᠡᠬᠦᠯ ᠢᠶᠠᠷ ᠳᠠᠭᠤᠰᠬᠠᠳᠠᠭ᠃ ᠡᠨᠡ ᠨᠢ ᠪᠡᠶ᠎ᠡ ᠳᠡᠭᠡᠨ ᠬᠡᠳᠦᠷᠭᠡᠢ ᠦᠨᠳᠦᠷ | ᠪᠠᠷᠢᠮᠵᠢᠶ᠎ᠠ ᠳᠠᠯᠪᠢᠬᠰᠠᠨ ᠠᠴᠠ ᠪᠣᠯᠤᠭᠰᠠᠨ ᠪᠠᠶᠢᠵᠤ ᠮᠡᠳᠡᠨ᠎ᠡ᠃ ᠵᠠᠷᠢᠮ ᠬᠥᠮᠥᠨ ᠰᠠᠷ᠎ᠠ ᠳᠤ 20 ᠵᠢᠩ ᠰᠢᠭᠤᠷᠠᠬᠤ | ᠱᠠᠭᠠᠷᠳᠠᠯᠭ᠎ᠠ ᠪᠡᠶᠡᠨ ᠳᠡᠭᠡᠨ ᠳᠠᠯᠪᠢᠳᠠᠭ ᠴᠦ ᠡᠨᠡ ᠬᠡᠴᠡᠬᠦᠦ ᠬᠠᠷᠠᠯᠲᠠ ᠶᠢ ᠪᠡᠶᠡᠯᠡᠭᠦᠯᠬᠦ ᠠᠴᠠ ᠤᠷᠬᠢᠬᠤ ᠳᠤ ᠨᠡᠩ | ᠠᠮᠠᠷᠬᠠᠨ ᠪᠠᠶᠢᠳᠠᠭ ᠶᠤᠮ᠃ ᠢᠩᠬᠢᠬᠦ ᠶᠢᠨ ᠣᠷᠣᠨ ᠳᠤ ᠬᠠᠷᠢᠨ ᠡᠳᠦᠷ ᠪᠦᠷᠢ 20 ᠮᠢᠨᠦ᠋ᠲ ᠬᠦᠶᠦᠵᠦ ᠪᠠᠶᠢᠬᠤ ᠨᠢ | ᠠᠮᠠᠷᠬᠠᠨ ᠪᠡᠶᠡᠯᠡᠭᠳᠡᠬᠦ ᠮᠦᠷᠳᠡᠬᠡᠨ ᠡᠨᠡ ᠨᠢ ᠪᠠᠶᠢᠩᠭᠤ ᠪᠠᠷᠢᠮᠲᠠᠯᠠᠵᠤ ᠴᠢᠳᠠᠬᠤ ᠪᠠᠷᠢᠮᠵᠢᠶ᠎ᠠ ᠶᠤᠮ᠃ 4. ᠲᠣᠭᠲᠠᠮᠠᠯ | ᠬᠤᠭᠤᠴᠠᠭ᠎ᠠ ᠲᠠᠢ ᠳ᠋ᠦᠩᠨᠡᠯᠳᠡ ᠬᠢᠬᠦ᠃ ᠪᠡᠶᠡᠨ ᠳᠡᠭᠡᠨ ᠪᠠᠶᠢᠩᠭᠤ ᠳ᠋ᠦᠩᠨᠡᠯᠳᠡ ᠬᠢᠵᠦ᠂ ᠣᠯᠵᠦ ᠠᠯᠳᠠᠬᠰᠠᠨ ᠢᠶᠠᠨ | ᠳᠣᠩᠭᠠᠬᠤ ᠨᠢ ᠥᠪᠡᠷ ᠢ ᠪᠠᠨ ᠬᠦᠭᠵᠢᠬᠦᠯᠬᠦ ᠶᠢᠨ ᠴᠢᠬᠤᠯᠠ ᠨᠢᠬᠡ ᠳᠠᠯ᠎ᠠ ᠮᠦᠨ᠃ 5. ᠠᠮᠵᠢᠯᠳᠠ ᠳᠤ ᠬᠦᠷᠬᠦ ᠳᠤ | ᠶᠠᠭᠠᠷᠠᠵᠤ ᠪᠣᠯᠬᠤ ᠦᠭᠡᠢ᠂ ᠬᠠᠷᠠᠭ᠎ᠠ ᠪᠠᠨ ᠬᠤᠯᠠ ᠲᠠᠯᠪᠢᠬᠤ ᠬᠡᠷᠡᠭᠲᠡᠢ᠃ ᠵᠠᠷᠢᠮ ᠬᠥᠮᠥᠨ ᠮᠠᠰᠢ ᠶᠠᠭᠠᠷᠠᠮᠠᠲᠠᠭᠠᠢ | ᠪᠠᠶᠢᠵᠤ᠂ ᠶᠡᠷᠦ ᠨᠢ ᠣᠬᠤᠷᠬᠠᠨ ᠬᠤᠭᠤᠴᠠᠭᠠᠨ ᠳᠤ ᠮᠡᠳᠡᠭᠳᠡᠬᠦ᠋ᠢᠴᠡ ᠦᠷ᠎ᠡ ᠳ᠋ᠦᠩ ᠭᠠᠷᠭᠠᠬᠤ ᠶᠢ ᠪᠤᠳᠤᠳᠠᠭ᠃ | ᠶᠡᠷᠦᠨᠢ ᠶᠠᠭᠤ ᠬᠢᠭᠰᠡᠨ ᠴᠦ ᠬᠦᠯᠢᠴᠡᠩᠬᠦᠢ᠂ ᠳᠠᠭᠠᠭᠠᠴᠠᠳᠠᠢ ᠬᠠᠨᠳᠣᠵᠦ ᠰᠣᠷᠬᠤ ᠨᠢ ᠴᠢᠬᠤᠯᠠ ᠶᠤᠮ ᠡ᠃ |