ᠠᠯᠳᠠᠨ ᠰᠢᠷᠭᠠᠯ ᠶᠢᠰᠦᠨ ᠰᠠᠷ᠎ᠠ ᠪᠠᠷ ᠠᠶᠠᠯᠠᠨ ᠵᠢᠭᠤᠯᠴᠢᠯᠠᠬᠤ ᠳᠤ ᠲᠠᠪᠠᠲᠠᠢ ᠠᠭᠤᠷ ᠠᠮᠢᠰᠬᠤᠯ ᠲᠣᠬᠢᠶᠠᠨ᠎ᠠ᠃ | ᠠᠶᠠᠨ ᠵᠠᠮ ᠳᠤ ᠬᠠᠶᠠ ᠭᠡᠮᠲᠦᠯ ᠰᠢᠷᠬᠠᠳᠤᠯ ᠭᠠᠷᠳᠠᠭ ᠠᠴᠠ ᠦᠪᠡᠷ ᠪᠤᠰᠤᠳ ᠢ ᠲᠦᠷᠭᠡᠨ ᠠᠪᠤᠷᠠᠬᠤ ᠡᠮᠴᠢᠯᠡᠭᠡᠨ ᠤ | ᠬᠡᠳᠦᠨ ᠠᠷᠭ᠎ᠠ ᠶᠢ ᠲᠠᠨᠢᠯᠴᠠᠭᠤᠯᠵᠤ ᠪᠠᠶᠢᠨ᠎ᠠ᠃ | ᠭᠡᠮᠲᠦᠵᠦ ᠪᠡᠷᠲᠡᠬᠦ ᠳᠤ᠄ ᠰᠢᠷᠬ᠎ᠠ ᠶᠢ ᠰᠢᠢᠳᠪᠦᠷᠢᠯᠡᠬᠦ᠄ ᠭᠠᠳᠠᠷ ᠰᠢᠷᠬ᠎ᠠ ᠶᠢ ᠴᠠᠭ ᠲᠤᠬᠠᠶ ᠲᠤᠨᠢ ᠴᠢᠰᠤ ᠶᠢ | ᠵᠣᠭᠰᠣᠭᠠᠵᠤ᠂ ᠴᠡᠪᠡᠷᠯᠡᠵᠤ ᠠᠷᠢᠯᠭᠠᠬᠤ ᠶᠢ ᠪᠣᠳᠣᠨ᠎ᠠ᠂ ᠬᠡᠷᠪᠡ ᠪᠡᠷᠲᠡᠭᠰᠡᠨ ᠬᠡᠰᠡᠭ ᠨᠢ ᠢᠯᠡ ᠭᠠᠷᠤᠭᠰᠠᠨ ᠪᠠᠶᠢᠪᠠᠯ | ᠤᠭ ᠤᠷᠤᠨ ᠳᠤᠨᠢ ᠤᠷᠤᠭᠤᠯᠬᠤ ᠪᠠᠷ ᠤᠷᠤᠯᠳᠤᠵᠤ ᠪᠤᠯᠬᠤ ᠦᠭᠡᠢ᠃ ᠰᠢᠷᠬ᠎ᠠ ᠶᠢ ᠪᠤᠭᠤᠬᠤ᠄ ᠴᠡᠪᠡᠷ ᠪᠥᠰ ᠢᠶᠠᠷ | ᠰᠢᠷᠬ᠎ᠠ ᠶᠢ ᠪᠦᠲᠡᠭᠡᠵᠤ᠂ ᠳᠠᠬᠢᠨ ᠪᠥᠰ ᠢᠶᠠᠷ ᠪᠣᠭᠤᠨ᠎ᠠ᠂ ᠪᠣᠭᠤᠬᠤ ᠳᠠᠭᠠᠨ ᠴᠢᠩᠭ᠎ᠠ ᠰᠤᠯᠠ ᠶᠢ ᠲᠣᠬᠢᠷᠠᠭᠤᠯᠤᠨ᠎ᠠ᠃ | ᠲᠡᠷᠡ ᠬᠡᠪ ᠲᠤᠨᠢ ᠪᠠᠶᠢᠯᠭᠠᠬᠤ᠄ ᠡᠪᠡᠳᠴᠢᠲᠡᠨ ᠢ ᠳᠤᠷ᠎ᠠ ᠪᠠᠷ ᠲᠠᠳᠠᠵᠤ ᠴᠢᠩᠭᠠᠭᠠᠬᠤ ᠪᠤᠶᠤ ᠵᠥᠭᠡᠭᠡᠵᠦ ᠪᠣᠯᠬᠤ | ᠦᠭᠡᠢ᠂ ᠰᠢᠷᠬᠠᠳᠤᠭᠰᠠᠨ ᠬᠡᠰᠡᠭ ᠢ ᠠᠯᠢ ᠴᠢᠳᠠᠬᠤ ᠪᠠᠷ ᠲᠡᠷᠡ ᠬᠡᠪ ᠲᠤᠨᠢ ᠪᠠᠶᠢᠯᠭᠠᠨ᠎ᠠ᠃ ᠡᠪᠡᠳᠬᠦ ᠶᠢ ᠨᠠᠮᠳᠠᠭᠠᠬᠤ᠄ | ᠶᠠᠰᠤ ᠪᠡᠷᠲᠡᠭᠡᠳ ᠬᠦᠨᠳᠦᠷᠡᠵᠦ ᠡᠪᠡᠳᠪᠡᠯ ᠦᠬᠦᠳᠬᠢᠬᠦ ᠠᠶᠤᠯ ᠲᠠᠢ ᠤᠴᠢᠷ ᠠᠴᠠ ᠡᠪᠡᠳᠬᠦ ᠶᠢ ᠵᠣᠭᠰᠣᠭᠠᠬᠤ ᠡᠮ | ᠬᠡᠷᠡᠭᠯᠡᠪᠡᠯ ᠰᠠᠶᠢᠨ᠃ ᠠᠮᠤᠷ ᠲᠥᠪᠰᠢᠨ ᠢᠶᠠᠷ ᠰᠢᠯᠵᠢᠭᠦᠯᠦᠨ ᠵᠥᠭᠡᠭᠡᠬᠦ᠄ ᠰᠢᠷᠬᠠᠳᠤᠭᠰᠠᠳ ᠢ ᠰᠢᠯᠵᠢᠭᠦᠯᠦᠨ | ᠵᠥᠭᠡᠭᠡᠬᠦ ᠳᠡᠭᠡᠨ ᠰᠢᠷᠬᠠᠳᠤᠭᠰᠠᠳ ᠤᠨ ᠤᠬᠠᠭᠠᠨ ᠮᠡᠳᠡᠷᠡᠯ ᠪᠣᠯᠤᠨ ᠪᠦᠬᠦ ᠪᠡᠶ᠎ᠡ ᠶᠢᠨ ᠪᠠᠶᠢᠳᠠᠯ ᠤᠨ ᠬᠤᠪᠢᠷᠠᠯᠲᠠ ᠶᠢ | ᠰᠠᠶᠢᠲᠤᠷ ᠠᠩᠬᠠᠷᠴᠤ᠂ ᠡᠮᠨᠡᠯᠭᠡ ᠳᠤ ᠬᠦᠷᠭᠡᠵᠦ ᠲᠦᠷᠭᠡᠨ ᠠᠪᠤᠷᠠᠯᠲᠠ ᠬᠢᠯᠭᠡᠨ᠎ᠡ᠃ | ᠴᠢᠰᠤ ᠲᠦᠷᠭᠡᠨ ᠵᠣᠭᠰᠣᠭᠠᠬᠤ ᠳᠤ᠄ 1. ᠬᠤᠷᠤᠭᠤ ᠪᠠᠷ ᠳᠠᠷᠤᠬᠤ᠄ ᠲᠤᠮᠤ ᠯᠤᠭᠰᠢᠭᠤᠨ ᠰᠤᠳᠠᠯ ᠠᠴᠠ ᠴᠢᠰᠤ | ᠶᠡᠭᠡ ᠭᠠᠷᠪᠠᠯ᠂ ᠬᠤᠷᠤᠭᠤ ᠪᠠᠷ ᠢᠶᠠᠨ ᠰᠢᠷᠬᠠᠨ ᠤ ᠵᠢᠷᠦᠬᠡᠨ ᠲᠠᠯ᠎ᠠ ᠶᠢᠨ ᠴᠢᠭᠯᠡᠯ ᠳᠤ ᠳᠠᠷᠤᠵᠤ᠂ ᠴᠢᠰᠤᠨ ᠤ | ᠡᠷᠭᠢᠯᠲᠡ ᠶᠢ ᠬᠤᠷᠢᠵᠤ᠂ ᠴᠢᠰᠤ ᠶᠢ ᠲᠦᠷᠭᠡᠨ ᠵᠣᠭᠰᠣᠭᠠᠵᠤ ᠪᠣᠯᠣᠨ᠎ᠠ᠃ 2. ᠳᠠᠷᠤᠵᠤ ᠪᠣᠭᠤᠬᠤ᠄ ᠨᠠᠮᠵᠢᠭᠤᠨ | ᠰᠤᠳᠠᠯ᠂ ᠬᠢᠯᠭᠠᠰᠤᠨ ᠰᠤᠳᠠᠯ ᠪᠤᠶᠤ ᠵᠢᠵᠢᠭ ᠯᠤᠭᠰᠢᠭᠤᠨ ᠰᠤᠳᠠᠯ ᠠᠴᠠ ᠴᠢᠰᠤ ᠭᠠᠷᠪᠠᠯ᠂ ᠠᠷᠢᠭᠤᠳᠬᠠᠭᠰᠠᠨ ᠱᠠ | ᠪᠥᠰ ᠵᠡᠷᠭᠡ ᠪᠠᠷ ᠰᠢᠷᠬ᠎ᠠ ᠶᠢ ᠲᠠᠷᠤᠵᠤ᠂ ᠳᠠᠷᠠᠭ᠎ᠠ ᠨᠢ ᠰᠢᠷᠬᠠᠨ ᠤ ᠪᠣᠭᠤᠯᠲᠠ ᠪᠤᠶᠤ ᠪᠥᠰ ᠢᠶᠠᠷ ᠪᠣᠭᠤᠨ᠎ᠠ᠃ 3. | ᠴᠢᠰᠤ ᠵᠣᠭᠰᠣᠭᠠᠬᠤ ᠪᠥᠰ᠄ ᠳᠥᠷᠪᠡᠨ ᠮᠥᠴᠢ ᠶᠢᠨ ᠲᠣᠮᠣ ᠯᠤᠭᠰᠢᠭᠤᠨ ᠰᠤᠳᠠᠯ ᠠᠴᠠ ᠴᠢᠰᠤ ᠭᠠᠷᠪᠠᠯ ᠡᠨᠡ | ᠠᠷᠭ᠎ᠠ ᠶᠢ ᠬᠡᠷᠡᠭᠯᠡᠵᠤ ᠪᠣᠯᠣᠨ᠎ᠠ᠃ ᠰᠢᠷᠬᠠᠳᠤᠭᠰᠠᠨ ᠦᠶ᠎ᠡ ᠮᠥᠴᠢ ᠪᠠᠨ ᠥᠨᠳᠥᠷ ᠡᠷᠭᠦᠵᠦ᠂ ᠴᠢᠰᠤ ᠵᠣᠭᠰᠣᠭᠠᠬᠤ | ᠪᠦᠰᠡ ᠶᠢ ᠴᠢᠳᠠᠬᠤ ᠶᠢᠨ ᠬᠢᠷᠢ ᠪᠠᠷ ᠴᠢᠰᠤ ᠭᠠᠷᠤᠭᠰᠠᠨ ᠬᠡᠰᠡᠭ ᠲᠤ ᠣᠶᠢᠷᠠᠲᠤᠭᠤᠯᠬᠤ ᠶᠢᠨ ᠬᠠᠮᠲᠤ ᠴᠠᠭ ᠪᠦᠷᠢ | ᠨᠢᠭᠡ ᠤᠳᠠᠭ᠎ᠠ ᠲᠠᠯᠪᠢᠬᠤ ᠶᠢ ᠠᠩᠬᠠᠷᠴᠤ᠂ ᠴᠢᠰᠤ ᠳᠤᠲᠠᠵᠤ ᠦᠬᠦᠳᠬᠢᠬᠦ ᠠᠴᠠ ᠰᠡᠷᠭᠡᠶᠢᠯᠡᠬᠦ ᠬᠡᠷᠡᠭᠲᠡᠶ ︵ᠳᠡᠭᠡᠷ᠎ᠡ | ᠠᠳᠬᠤᠭᠠᠯ ᠤᠨ ᠳᠤᠮᠳᠠ ᠬᠡᠰᠡᠭ ᠲᠤ ᠴᠢᠰᠤ ᠵᠣᠭᠰᠣᠭᠠᠬᠤ ᠪᠦᠰᠡ ᠬᠡᠷᠡᠭᠯᠡᠵᠦ ᠪᠣᠯᠬᠤ ᠦᠭᠡᠢ︶᠃ | ᠠᠩᠬᠠᠷᠬᠤ ᠵᠦᠢᠯ᠄ ᠢᠯᠡ ᠭᠠᠳᠠᠷ ᠰᠢᠷᠬ᠎ᠠ ᠶᠢ ᠰᠢᠢᠳᠪᠦᠷᠢᠯᠡᠬᠦ ᠬᠠᠮᠤᠭ ᠤᠨ ᠲᠣᠬᠢᠲᠠᠢ ᠴᠠᠭ ᠪᠣᠯ | ᠰᠢᠷᠬᠠᠳᠤᠭᠰᠠᠨ ᠤ ᠳᠠᠷᠠᠭᠠᠬᠢ 6 — 8 ᠴᠠᠭ᠂ ᠲᠣᠯᠣᠭᠠᠶ ᠨᠢᠭᠤᠷ ᠤᠨ ᠬᠡᠰᠡᠭ ᠪᠤᠯ ᠵᠣᠬᠢᠬᠤ ᠬᠡᠮᠵᠢᠶ᠎ᠡ ᠪᠠᠷ 24 | ᠴᠠᠭ ᠪᠣᠯᠲᠠᠯ᠎ᠠ ᠤᠷᠲᠤᠳᠬᠠᠵᠤ ᠪᠣᠯᠣᠨ᠎ᠠ᠃ ᠡᠨᠡ ᠬᠦ ᠬᠤᠭᠤᠴᠠᠭᠠᠨ ᠳᠤ ᠰᠢᠢᠳᠪᠦᠷᠢᠯᠡᠬᠦ ᠦᠭᠡᠢ ᠪᠣᠯ ᠰᠢᠷᠬᠠᠨ ᠤ | ᠬᠠᠯᠳᠠᠪᠤᠷᠢᠯᠠᠯ ᠶᠡᠬᠡᠳᠦᠨᠡ᠃ |