ᠤᠶᠢᠷ᠎ᠠ ᠶᠢᠨ ᠡᠳᠦᠷ᠂ ᠦᠪᠦᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠶᠡᠭᠡ | ᠰᠤᠷᠭᠠᠭᠤᠯᠢ ᠶᠢᠨ ᠮᠠ ᠯᠢ ᠲᠦᠩ ᠫᠷᠤᠹᠧᠰᠰᠤᠷ ᠤᠨ ᠬᠠᠷᠢᠭᠤᠴᠠᠵᠦ ᠪᠠᠶᠢᠭ᠎ᠠ ᠠᠮᠢᠳᠤ ᠪᠤᠳᠠᠰ ᠤᠨ ᠨᠡᠭᠦᠷᠡᠰᠤ | ᠬᠢᠮᠢ ᠶᠢᠨ ᠠᠵᠤ ᠦᠢᠯᠡᠳᠪᠦᠷᠢ ᠶᠢᠨ ᠶᠡᠷᠦᠩᠬᠡᠶᠢᠯᠡᠨ ᠠᠰᠢᠬᠯᠠᠬᠤ ᠦᠪᠦᠷ ᠮᠤᠩᠭᠤᠯ ᠤᠨ ᠦᠪᠡᠷᠳᠡᠭᠡᠨ ᠵᠠᠰᠠᠬᠤ | ᠤᠷᠤᠨ ᠤ ᠢᠨᠵᠧᠨᠧᠷᠢᠩ ᠤᠨ ᠰᠤᠳᠤᠯᠭᠠᠨ ᠤ ᠲᠦᠪ ᠬᠦᠷᠡᠩ ᠨᠡᠭᠦᠷᠡᠰᠤ ᠶᠢᠨ ᠪᠠᠶᠢᠭᠠᠯᠢᠯᠢᠭ ᠦᠨᠦᠷᠲᠦ ᠴᠠᠭᠠᠷᠢᠬᠳᠤ | ᠪᠦᠳᠦᠴᠡ ᠶᠢᠨ ᠤᠨᠴᠠᠯᠢᠭ ᠢ ᠠᠰᠢᠬᠯᠠᠨ᠂ ᠬᠡᠪ ᠤᠨ ᠪᠠᠶᠢᠳᠠᠯ ᠲᠤᠤᠷ᠎ᠠ ᠬᠦᠷᠡᠩ ᠨᠡᠭᠦᠷᠡᠰᠤᠨ ᠤ ᠪᠦᠭᠡᠭᠡᠨᠡᠷᠡᠯ ᠢ | ᠴᠢᠭᠯᠡᠯ ᠲᠠᠢ ᠰᠠᠯᠭᠠᠭᠠᠳ᠂ ᠴᠡᠪᠡᠷᠴᠡ ᠪᠠᠷ ᠦᠨᠳᠦᠷ ᠨᠠᠷᠢᠯᠢᠭ ᠬᠢᠮᠢ ᠶᠢᠨ ᠪᠤᠳᠠᠰ ᠢ ᠦᠢᠯᠡᠳᠦᠨ ᠭᠠᠷᠭᠠᠬᠤ | ᠮᠡᠷᠭᠡᠵᠢᠯ ᠢ ᠰᠤᠳᠤᠯᠤᠨ ᠭᠠᠷᠭᠠᠵᠤ᠂ ᠬᠦᠷᠡᠩ ᠨᠡᠭᠦᠷᠡᠰᠤ ᠶᠢᠨ ᠨᠡᠮᠡᠯᠳᠡ ᠦᠷᠳᠡᠭ ᠢ ᠨᠡᠮᠡᠭᠳᠡᠭᠦᠯᠦᠭᠰᠡᠨ ᠪᠠᠶᠢᠨ᠎ᠠ᠃ | ᠲᠤᠰ ᠰᠤᠳᠤᠯᠭᠠᠨ ᠤ ᠲᠦᠪ ᠤᠨ ᠦᠢᠯᠡᠳᠴᠦ ᠭᠠᠷᠭᠠᠭᠰᠠᠨ ᠦᠨᠦᠷᠲᠦ ᠨᠢᠭᠡᠳᠪᠦᠷᠢ ᠪᠤᠯᠬᠤ ᠪᠧᠨ᠋ᠽᠧᠨ᠋ᠳᠤ ᠮᠧᠲ᠋ᠢᠯ | ᠠᠯᠳᠧᠬᠢᠳ᠋ ᠤᠨ ᠴᠠᠪᠠᠷᠴᠡ ᠨᠢ 98.58%᠂ ᠪᠧᠨ᠋ᠽᠧᠨ᠋ᠳᠤ ᠮᠧᠲ᠋ᠢᠯ ᠠᠯᠺᠤᠤᠯ ᠤᠨ ᠴᠠᠪᠠᠷᠴᠡ ᠨᠢ 99.15%᠂ | ᠪᠧᠨ᠋ᠽᠧᠨ᠋ᠳᠤ ᠮᠧᠲ᠋ᠢᠯ ᠬᠦᠴᠢᠯ ᠤᠨ ᠴᠠᠪᠠᠷᠴᠡ ᠨᠢ 99.15% ᠳᠤ ᠬᠦᠷᠴᠦ᠂ ᠤᠯᠤᠰ ᠤᠨ ᠪᠠᠷᠢᠮᠵᠢᠶ᠎ᠠ ᠠᠴᠠ ᠬᠤᠯᠠ | ᠦᠨᠳᠤᠷ ᠪᠤᠯᠵᠠᠢ᠃ ᠲᠡᠷᠡᠴᠢᠯᠡᠨ ᠰᠢᠰᠲ᠋ᠧᠮᠵᠢᠭᠰᠡᠨ ᠮᠡᠷᠭᠡᠵᠢᠯ ᠤᠨ ᠲᠠᠯ᠎ᠠ ᠪᠠᠷ ᠦᠨᠳᠦᠷ ᠦᠷᠳᠡᠭᠳᠤ ᠬᠢᠮᠢ ᠶᠢᠨ | ᠪᠤᠳᠠᠰ ᠤᠨ ᠪᠤᠬᠢᠷᠳᠤᠯ ᠦᠭᠡᠢ ᠡᠨᠧᠷᠬᠢ ᠶᠢ ᠬᠤᠯᠪᠤᠭᠠᠯᠠᠨ ᠦᠢᠯᠡᠳᠪᠦᠷᠢᠯᠡᠬᠦ ᠶᠢ ᠪᠡᠶᠡᠯᠡᠬᠦᠯᠵᠦ᠂ 6 ᠵᠦᠢᠯ ᠤᠨ | ᠲᠤᠮᠳᠠᠳᠤ ᠤᠯᠤᠰ ᠤᠨ ᠡᠭᠦᠳᠦᠯᠲᠡ ᠶᠢᠨ ᠲᠤᠰᠬᠠᠢ ᠡᠷᠬᠡ ᠠᠰᠢᠭ ᠢ ᠡᠷᠡᠮᠡᠯᠵᠡᠵᠦ᠂ 1 ᠵᠦᠢᠯ ᠤᠨ ᠠᠮᠧᠷᠢᠺᠡ ᠶᠢᠨ | ᠲᠤᠰᠬᠠᠢ ᠡᠷᠬᠡ ᠠᠰᠢᠭ ᠢ ᠡᠷᠡᠮᠡᠯᠵᠡᠭᠡᠳ᠂ ᠤᠳᠤ ᠨᠢᠭᠡᠨᠳᠡ 1 ᠵᠦᠢᠯ ᠤᠨ ᠲᠤᠮᠳᠠᠳᠤ ᠤᠯᠤᠰ ᠤᠨ ᠡᠭᠦᠳᠦᠯᠲᠡ ᠶᠢᠨ | ᠡᠷᠬᠡ ᠲᠤᠰᠬᠠᠢ ᠠᠰᠢᠭ ᠢ ᠤᠯᠤᠭᠠᠳ ᠪᠠᠶᠢᠨ᠎ᠠ᠃ | ᠦᠨᠦᠷᠲᠦ ᠨᠢᠭᠡᠳᠪᠦᠷᠢ ᠪᠤᠯ ᠨᠢᠭᠡ ᠲᠦᠷᠤᠯ ᠤᠨ ᠬᠢᠮᠢ ᠶᠢᠨ ᠤᠬᠠᠭᠠᠨ ᠤ ᠰᠢᠨᠵᠢ ᠴᠢᠨᠡᠷ ᠢᠶᠠᠷ ᠲᠤᠬᠳᠠᠭᠤᠨ | ᠪᠦᠭᠡᠳ ᠠᠩᠬᠢᠯᠤᠮ᠎ᠠ ᠦᠨᠦᠷ ᠲᠠᠢ ᠤᠷᠭᠠᠨᠢᠭ ᠮᠤᠯᠧᠺᠦ᠋ᠯ ᠪᠠᠶᠢᠵᠦ᠂ ᠶᠡᠷᠦ ᠳᠡᠭᠡᠨ ᠦᠨᠦᠷᠲᠦ ᠴᠠᠭᠠᠷᠢᠭᠳᠤ | ᠪᠦᠳᠦᠴᠡ ᠲᠠᠢ ᠪᠠᠶᠢᠳᠠᠭ᠃ ᠦᠨᠦᠷᠲᠦ ᠪᠦᠯᠦᠭ ᠤᠨ ᠨᠢᠭᠡᠳᠪᠦᠷᠢ ᠨᠢ ᠤᠷᠭᠠᠨᠢᠭ ᠬᠢᠮᠢ ᠶᠢᠨ ᠠᠵᠤ | ᠦᠢᠯᠡᠳᠪᠦᠷᠢ ᠶᠢᠨ ᠴᠢᠬᠤᠯᠠ ᠲᠦᠭᠦᠬᠡᠢ ᠮᠠᠲᠤᠷᠢᠶᠠᠯ ᠪᠠᠶᠢᠵᠦ᠂ ᠦᠨᠦᠷᠲᠦ ᠨᠢᠭᠡᠳᠪᠦᠷᠢ ᠶᠢᠨ ᠠᠵᠤ | ᠦᠢᠯᠡᠳᠪᠦᠷᠢ ᠶᠢᠨ ᠦᠢᠯᠡᠳᠪᠦᠷᠢᠯᠡᠯ ᠳᠤ ᠭᠤᠤᠯᠳᠠᠭᠤ ᠡᠾᠯᠤᠷᠳᠤ ᠪᠧᠨ᠋ᠽᠢᠯ᠂ ᠮᠧᠲ᠋ᠢᠯᠳᠤ ᠪᠧᠨ᠋ᠽᠧᠨ ᠢᠶᠠᠷ ᠲᠦᠭᠦᠬᠡᠢ | ᠮᠠᠲᠤᠷᠢᠶᠠᠯ ᠪᠤᠯᠭᠠᠳᠠᠭ᠃ ᠤᠳᠤᠬᠠᠨ ᠤ ᠦᠨᠦᠷᠲᠦ ᠪᠦᠯᠦᠭ ᠤᠨ ᠨᠢᠭᠡᠳᠪᠦᠷᠢ ᠶᠢ ᠨᠡᠶᠢᠯᠡᠬᠦᠯᠬᠦ ᠠᠷᠭ᠎ᠠ ᠳᠤ | ᠭᠤᠤᠯᠳᠠᠭᠤ ᠮᠧᠲ᠋ᠢᠯᠳᠤ ᠪᠧᠨ᠋ᠽᠧᠨ ᠢ ᠢᠰᠦᠯᠳᠦᠭᠦᠯᠬᠦ ᠠᠷᠭ᠎ᠠ᠂ ᠮᠧᠲ᠋ᠢᠯᠳᠤ ᠪᠧᠨ᠋ᠽᠧᠨ ᠢ ᠡᠾᠯᠤᠷᠵᠢᠬᠦᠯᠦᠨ ᠤᠰᠤ ᠪᠠᠷ | ᠵᠠᠳᠠᠷᠠᠭᠤᠯᠬᠤ ᠠᠷᠭ᠎ᠠ᠂ ᠡᠾᠯᠤᠷᠳᠤ ᠪᠧᠨ᠋ᠽᠢᠯ ᠤᠨ ᠤᠰᠤᠨ ᠵᠠᠳᠠᠷᠠᠯ ᠤᠨ ᠠᠷᠭ᠎ᠠ ᠵᠡᠷᠭᠡ ᠪᠠᠶᠢᠵᠦ᠂ ᠡᠳᠡᠭᠡᠷ ᠠᠷᠭ᠎ᠠ ᠨᠢ | ᠪᠦᠷ ᠲᠤᠰᠠᠯᠠᠬᠤ ᠪᠤᠳᠠᠰ ᠠᠷᠪᠢᠨ᠂ ᠦᠷᠳᠡᠭ ᠢᠶᠠᠷ ᠦᠨᠳᠤᠷ᠂ ᠤᠷᠴᠢᠨ ᠲᠤᠭᠤᠷᠢᠨ ᠢ ᠪᠤᠬᠢᠷᠳᠤᠭᠤᠯᠬᠤ ᠵᠡᠷᠭᠡ | ᠲᠤᠳᠠᠬᠳᠠᠯ ᠲᠠᠢ ᠪᠠᠶᠢᠳᠠᠭ᠃ | ᠦᠨᠦᠷᠲᠦ ᠪᠦᠯᠦᠭ ᠤᠨ ᠨᠢᠭᠡᠳᠪᠦᠷᠢ ᠶᠢ ᠦᠢᠯᠡᠳᠬᠦ ᠤᠯᠠᠮᠵᠢᠯᠠᠯᠳᠤ ᠮᠡᠷᠭᠡᠵᠢᠯ ᠤᠨ ᠬᠤᠯᠢᠴᠠ ᠪᠤᠳᠠᠰ ᠠᠷᠪᠢᠨ᠂ | ᠡᠨᠧᠷᠬᠢ ᠶᠢᠨ ᠬᠤᠷᠤᠬᠳᠠᠯ ᠶᠡᠭᠡ ᠵᠡᠷᠭᠡ ᠠᠰᠠᠭᠤᠳᠠᠯ ᠳᠤ ᠴᠢᠭᠯᠡᠬᠦᠯᠵᠦ᠂ ᠮᠠ ᠯᠢ ᠲᠦᠩ ᠤᠨ ᠪᠦᠯᠬᠦᠮ ᠮᠧᠲ᠋ᠢᠯᠳᠤ | ᠪᠧᠨ᠋ᠽᠧᠨ ᠤ ᠬᠠᠮᠲᠤ ᠪᠤᠴᠠᠯᠭᠠᠵᠤ ᠤᠰᠤ ᠶᠢ ᠰᠠᠯᠭᠠᠬᠤ ᠵᠡᠷᠭᠡ TESP ᠮᠡᠷᠭᠡᠵᠢᠯ ᠢ ᠬᠡᠷᠡᠭᠯᠡᠵᠦ᠂ ᠬᠦᠷᠡᠩ | ᠨᠡᠭᠦᠷᠡᠰᠤ ᠪᠠᠷ ᠲᠦᠭᠦᠬᠡᠢ ᠮᠠᠲᠤᠷᠢᠶᠠᠯ ᠪᠤᠯᠭᠠᠨ᠂ ᠪᠦᠭᠡᠭᠡᠨᠡᠷᠡᠯ ᠢ ᠴᠢᠭᠯᠡᠯ ᠲᠠᠢ ᠪᠤᠬᠢᠷᠳᠤᠯ ᠦᠭᠡᠢ ᠰᠠᠯᠭᠠᠨ᠂ ᠬᠡᠪ ᠤᠨ | ᠲᠤᠯᠠᠭᠠᠨ ᠬᠡᠪ ᠤᠨ ᠲᠠᠷᠤᠯᠳᠠ ᠲᠤᠤᠷ᠎ᠠ ᠴᠡᠪᠡᠷᠴᠡ ᠨᠢ ᠦᠨᠳᠦᠷ ᠳᠠᠩ ᠪᠧᠨ᠋ᠽᠧᠨ ᠤ ᠴᠠᠭᠠᠷᠢᠬᠳᠤ ᠦᠨᠦᠷᠲᠦ | ᠪᠦᠯᠦᠭ ᠤᠨ ᠨᠢᠭᠡᠳᠪᠦᠷᠢ ᠶᠢ ᠦᠢᠯᠡᠳᠪᠦᠷᠢᠯᠡᠭᠰᠡᠨ ᠪᠠᠶᠢᠨ᠎ᠠ᠃ | ᠤᠶᠢᠯᠠᠭᠠᠬᠰᠠᠨ ᠢᠶᠠᠷ᠂ ᠪᠧᠨ᠋ᠽᠧᠨ᠋ᠳᠤ ᠮᠧᠲ᠋ᠢᠯ ᠠᠯᠳᠧᠬᠢᠳ᠋᠂ ᠪᠧᠨ᠋ᠽᠧᠨ᠋ᠳᠤ ᠮᠧᠲ᠋ᠢᠯ ᠠᠯᠺᠤᠤᠯ᠂ ᠪᠧᠨ᠋ᠽᠧᠨ᠋ᠳᠤ ᠮᠧᠲ᠋ᠢᠯ | ᠬᠦᠴᠢᠯ ᠵᠡᠷᠭᠡ ᠦᠨᠦᠷᠲᠦ ᠪᠦᠯᠦᠭ ᠤᠨ ᠨᠢᠭᠡᠳᠪᠦᠷᠢ ᠶᠢ ᠢᠳᠡᠭᠡᠨ᠂ ᠵᠠᠰᠠᠯ ᠴᠢᠮᠡᠭᠯᠡᠯ ᠤᠨ ᠡᠳ᠋᠂ ᠡᠮ ᠡᠮᠨᠡᠯᠭᠡ ᠵᠡᠷᠭᠡ | ᠤᠯᠠᠨ ᠬᠦᠷᠢᠶᠡᠨ ᠳᠤ ᠦᠷᠭᠡᠨ ᠢᠶᠠᠷ ᠬᠡᠷᠡᠭᠯᠡᠳᠡᠭ ᠪᠠᠶᠢᠨ᠎ᠠ᠃ ᠮᠠᠨ ᠤ ᠤᠷᠤᠨ ᠤ ᠨᠡᠭᠦᠷᠡᠰᠤᠨ ᠤ ᠪᠦᠬᠦ | ᠬᠠᠳᠠᠭᠠᠯᠠᠭᠳᠠᠴᠠ ᠲᠤᠳᠤᠷ᠎ᠠ ᠬᠦᠷᠡᠩ ᠨᠡᠭᠦᠷᠡᠰᠤ ᠪᠠᠷᠤᠭ ᠬᠠᠭᠠᠰ ᠤᠷᠴᠢᠮ ᠢ ᠡᠵᠡᠯᠡᠵᠦ ᠪᠠᠶᠢᠳᠠᠭ᠃ ᠬᠡᠷᠬᠢᠨ ᠬᠦᠷᠡᠩ | ᠨᠡᠭᠦᠷᠡᠰᠤ ᠶᠢ ᠪᠤᠬᠢᠷᠳᠤᠯ ᠦᠭᠡᠢ ᠶᠡᠷᠦᠩᠬᠡᠶᠢᠯᠡᠨ ᠠᠰᠢᠬᠯᠠᠬᠤ ᠨᠢ ᠡᠨᠧᠷᠬᠢ ᠶᠢᠨ ᠠᠰᠠᠭᠤᠳᠠᠯ᠂ ᠤᠷᠴᠢᠨ | ᠲᠤᠭᠤᠷᠢᠨ ᠤ ᠠᠰᠠᠭᠤᠳᠠᠯ ᠪᠤᠯᠬᠤ ᠪᠠᠷ ᠦᠯᠦ ᠪᠠᠷᠠᠮ᠂ ᠮᠦᠨ ᠴᠤ ᠠᠵᠤ ᠠᠬᠤᠢ ᠶᠢᠨ ᠠᠰᠠᠭᠤᠳᠠᠯ ᠪᠠᠶᠢᠵᠦ᠂ | ᠦᠪᠡᠷᠳᠡᠭᠡᠨ ᠵᠠᠰᠠᠬᠤ ᠤᠷᠤᠨ ᠤ ︽ᠬᠤᠤᠰ ᠨᠡᠭᠦᠷᠡᠰᠦᠳᠦ᠋ᠷᠦᠭᠴᠢ︾ ᠶᠢᠨ ᠬᠠᠷᠠᠯᠳᠠ ᠶᠢ ᠪᠡᠶᠡᠯᠡᠬᠦᠯᠬᠦ ᠪᠤᠯᠤᠨ ᠠᠵᠤ | ᠠᠬᠤᠢ ᠨᠡᠶᠢᠭᠡᠮ ᠤᠨ ᠦᠷᠭᠦᠯᠵᠢᠯᠡᠬᠦ ᠬᠦᠭᠵᠢᠯᠳᠡ ᠶᠢᠨ ᠴᠢᠬᠤᠯᠠ ᠠᠰᠠᠭᠤᠳᠠᠯ ᠪᠤᠯᠤᠬᠰᠠᠨ ᠪᠠᠶᠢᠨ᠎ᠠ᠃ | ᠮᠠ ᠯᠢ ᠲᠦᠩ ᠫᠷᠤᠹᠧᠰᠰᠤᠷ ᠤᠨ ᠲᠠᠨᠢᠯᠴᠠᠭᠤᠯᠬᠤ ᠪᠠᠷ᠂ ᠬᠦᠷᠡᠩ ᠨᠡᠭᠦᠷᠡᠰᠤ ᠪᠤᠯ ᠲᠦᠯᠡᠰᠢ ᠮᠦᠨ᠂ ᠪᠠᠰᠠ | ᠴᠤ ᠴᠢᠬᠤᠯᠠ ᠬᠢᠮᠢ ᠶᠢᠨ ᠠᠵᠤ ᠦᠢᠯᠡᠳᠪᠦᠷᠢ ᠶᠢᠨ ᠲᠦᠭᠦᠬᠡᠢ ᠮᠠᠲᠤᠷᠢᠶᠠᠯ ᠮᠦᠨ᠃ ᠬᠦᠷᠡᠩ ᠨᠡᠭᠦᠷᠡᠰᠤ ᠠᠴᠠ | ᠦᠨᠦᠷᠲᠦ ᠪᠦᠯᠦᠭ ᠤᠨ ᠨᠢᠭᠡᠳᠪᠦᠷᠢ ᠶᠢ ᠦᠢᠯᠡᠳᠪᠦᠷᠢᠯᠡᠨ ᠭᠠᠷᠭᠠᠬᠤ ᠨᠢ ᠬᠦᠷᠡᠩ ᠨᠡᠭᠦᠷᠡᠰᠤ ᠶᠢ ᠡᠬᠢ | ᠪᠠᠶᠠᠯᠢᠬᠵᠢᠭᠤᠯᠤᠨ ᠠᠰᠢᠬᠯᠠᠬᠤ ᠶᠢᠨ ᠴᠢᠬᠤᠯᠠ ᠬᠡᠯᠪᠡᠷᠢ ᠮᠦᠨ᠃ ᠬᠦᠷᠡᠩ ᠨᠡᠭᠦᠷᠡᠰᠤᠨ ᠳᠤ ᠪᠧᠨ᠋ᠽᠧᠨ ᠴᠠᠭᠠᠷᠢᠭ᠂ | ᠬᠦᠴᠢᠯᠳᠦ᠋ᠷᠦᠭᠴᠢᠳᠤ ᠨᠦᠯᠦᠭᠡᠳᠤ ᠪᠦᠯᠦᠭ ︵-COOH、-CHO、-OH︶︶ ᠪᠤᠯᠤᠨ ᠬᠠᠵᠠᠭᠤ ᠶᠢᠨ | ᠬᠡᠯᠬᠢᠶ᠎ᠠ ᠵᠡᠷᠭᠡ ᠪᠦᠳᠦᠴᠡ ᠡᠯᠪᠡᠭ ᠠᠭᠤᠯᠤᠬᠳᠠᠵᠦ᠂ ᠦᠨᠦᠷᠲᠦ ᠪᠦᠯᠦᠭ ᠤᠨ ᠨᠢᠭᠡᠳᠪᠦᠷᠢ ᠶᠢ ᠦᠢᠯᠡᠳᠴᠦ | ᠭᠠᠷᠭᠠᠬᠤ ᠳᠤ ᠤᠨᠤᠯ ᠤᠨ ᠰᠠᠭᠤᠷᠢ ᠪᠤᠯᠤᠨ ᠡᠬᠢ ᠪᠠᠶᠠᠯᠢᠭ ᠤᠨ ᠰᠠᠭᠤᠷᠢ ᠶᠢ ᠬᠠᠩᠭᠠᠬᠰᠠᠨ ᠭᠡᠨ᠎ᠡ᠃ | | | | | | | |