ᠦᠪᠦᠷ ᠮᠤᠩᠭᠤᠯ ᠤᠨ ᠬᠦᠷᠡᠩ ᠨᠡᠭᠦᠷᠡᠰᠤ ᠠᠴᠠ ᠴᠡᠪᠡᠷᠴᠡ ᠪᠠᠷ ᠦᠨᠳᠦᠷ ᠦᠨᠦᠷᠲᠦ ᠨᠢᠭᠡᠳᠪᠦᠷᠢ ᠶᠢ ᠦᠢᠯᠡᠳᠦᠨ ᠭᠠᠷᠭᠠᠬᠤ ᠠᠵᠢᠯ ᠰᠢᠨ᠎ᠠ ᠠᠬᠢᠯᠳᠠ ᠲᠠᠢ ᠪᠤᠯᠵᠠᠢ
ᠨᠡᠶᠢᠲᠡᠯᠡᠭᠰᠡᠨ ᠴᠠᠭ᠄
2024/4/22
   ᠤᠶᠢᠷ᠎ᠠ ᠶᠢᠨ ᠡᠳᠦᠷ᠂ ᠦᠪᠦᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠶᠡᠭᠡ ᠰᠤᠷᠭᠠᠭᠤᠯᠢ ᠶᠢᠨ ᠮᠠ ᠯᠢ ᠲᠦᠩ ᠫᠷᠤᠹᠧᠰᠰᠤᠷ ᠤᠨ ᠬᠠᠷᠢᠭᠤᠴᠠᠵᠦ ᠪᠠᠶᠢᠭ᠎ᠠ ᠠᠮᠢᠳᠤ ᠪᠤᠳᠠᠰ ᠤᠨ ᠨᠡᠭᠦᠷᠡᠰᠤ ᠬᠢᠮᠢ ᠶᠢᠨ ᠠᠵᠤ ᠦᠢᠯᠡᠳᠪᠦᠷᠢ ᠶᠢᠨ ᠶᠡᠷᠦᠩᠬᠡᠶᠢᠯᠡᠨ ᠠᠰᠢᠬᠯᠠᠬᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠢᠨᠵᠧᠨᠧᠷᠢᠩ ᠤᠨ ᠰᠤᠳᠤᠯᠭᠠᠨ ᠤ ᠲᠦᠪ ᠬᠦᠷᠡᠩ ᠨᠡᠭᠦᠷᠡᠰᠤ ᠶᠢᠨ ᠪᠠᠶᠢᠭᠠᠯᠢᠯᠢᠭ ᠦᠨᠦᠷᠲᠦ ᠴᠠᠭᠠᠷᠢᠬᠳᠤ ᠪᠦᠳᠦᠴᠡ ᠶᠢᠨ ᠤᠨᠴᠠᠯᠢᠭ ᠢ ᠠᠰᠢᠬᠯᠠᠨ᠂ ᠬᠡᠪ ᠤᠨ ᠪᠠᠶᠢᠳᠠᠯ ᠲᠤᠤᠷ᠎ᠠ ᠬᠦᠷᠡᠩ ᠨᠡᠭᠦᠷᠡᠰᠤᠨ ᠤ ᠪᠦᠭᠡᠭᠡᠨᠡᠷᠡᠯ ᠢ ᠴᠢᠭᠯᠡᠯ ᠲᠠᠢ ᠰᠠᠯᠭᠠᠭᠠᠳ᠂ ᠴᠡᠪᠡᠷᠴᠡ ᠪᠠᠷ ᠦᠨᠳᠦᠷ ᠨᠠᠷᠢᠯᠢᠭ ᠬᠢᠮᠢ ᠶᠢᠨ ᠪᠤᠳᠠᠰ ᠢ ᠦᠢᠯᠡᠳᠦᠨ ᠭᠠᠷᠭᠠᠬᠤ ᠮᠡᠷᠭᠡᠵᠢᠯ ᠢ ᠰᠤᠳᠤᠯᠤᠨ ᠭᠠᠷᠭᠠᠵᠤ᠂ ᠬᠦᠷᠡᠩ ᠨᠡᠭᠦᠷᠡᠰᠤ ᠶᠢᠨ ᠨᠡᠮᠡᠯᠳᠡ ᠦᠷᠳᠡᠭ ᠢ ᠨᠡᠮᠡᠭᠳᠡᠭᠦᠯᠦᠭᠰᠡᠨ ᠪᠠᠶᠢᠨ᠎ᠠ᠃   ᠲᠤᠰ ᠰᠤᠳᠤᠯᠭᠠᠨ ᠤ ᠲᠦᠪ ᠤᠨ ᠦᠢᠯᠡᠳᠴᠦ ᠭᠠᠷᠭᠠᠭᠰᠠᠨ ᠦᠨᠦᠷᠲᠦ ᠨᠢᠭᠡᠳᠪᠦᠷᠢ ᠪᠤᠯᠬᠤ ᠪᠧᠨ᠋ᠽᠧᠨ᠋ᠳᠤ ᠮᠧᠲ᠋ᠢᠯ ᠠᠯᠳᠧᠬᠢᠳ᠋ ᠤᠨ ᠴᠠᠪᠠᠷᠴᠡ ᠨᠢ 98.58%᠂ ᠪᠧᠨ᠋ᠽᠧᠨ᠋ᠳᠤ ᠮᠧᠲ᠋ᠢᠯ ᠠᠯᠺᠤᠤᠯ ᠤᠨ ᠴᠠᠪᠠᠷᠴᠡ ᠨᠢ 99.15%᠂ ᠪᠧᠨ᠋ᠽᠧᠨ᠋ᠳᠤ ᠮᠧᠲ᠋ᠢᠯ ᠬᠦᠴᠢᠯ ᠤᠨ ᠴᠠᠪᠠᠷᠴᠡ ᠨᠢ 99.15%᠎ ᠳᠤ ᠬᠦᠷᠴᠦ᠂ ᠤᠯᠤᠰ ᠤᠨ ᠪᠠᠷᠢᠮᠵᠢᠶ᠎ᠠ ᠠᠴᠠ ᠬᠤᠯᠠ ᠦᠨᠳᠤᠷ ᠪᠤᠯᠵᠠᠢ᠃ ᠲᠡᠷᠡᠴᠢᠯᠡᠨ ᠰᠢᠰᠲ᠋ᠧᠮᠵᠢᠭᠰᠡᠨ ᠮᠡᠷᠭᠡᠵᠢᠯ ᠤᠨ ᠲᠠᠯ᠎ᠠ ᠪᠠᠷ ᠦᠨᠳᠦᠷ ᠦᠷᠳᠡᠭᠳᠤ ᠬᠢᠮᠢ ᠶᠢᠨ ᠪᠤᠳᠠᠰ ᠤᠨ ᠪᠤᠬᠢᠷᠳᠤᠯ ᠦᠭᠡᠢ ᠡᠨᠧᠷᠬᠢ ᠶᠢ ᠬᠤᠯᠪᠤᠭᠠᠯᠠᠨ ᠦᠢᠯᠡᠳᠪᠦᠷᠢᠯᠡᠬᠦ ᠶᠢ ᠪᠡᠶᠡᠯᠡᠬᠦᠯᠵᠦ᠂ 6 ᠵᠦᠢᠯ ᠤᠨ ᠲᠤᠮᠳᠠᠳᠤ ᠤᠯᠤᠰ ᠤᠨ ᠡᠭᠦᠳᠦᠯᠲᠡ ᠶᠢᠨ ᠲᠤᠰᠬᠠᠢ ᠡᠷᠬᠡ ᠠᠰᠢᠭ ᠢ ᠡᠷᠡᠮᠡᠯᠵᠡᠵᠦ᠂ 1 ᠵᠦᠢᠯ ᠤᠨ ᠠᠮᠧᠷᠢᠺᠡ ᠶᠢᠨ ᠲᠤᠰᠬᠠᠢ ᠡᠷᠬᠡ ᠠᠰᠢᠭ ᠢ ᠡᠷᠡᠮᠡᠯᠵᠡᠭᠡᠳ᠂ ᠤᠳᠤ ᠨᠢᠭᠡᠨᠳᠡ 1 ᠵᠦᠢᠯ ᠤᠨ ᠲᠤᠮᠳᠠᠳᠤ ᠤᠯᠤᠰ ᠤᠨ ᠡᠭᠦᠳᠦᠯᠲᠡ ᠶᠢᠨ ᠡᠷᠬᠡ ᠲᠤᠰᠬᠠᠢ ᠠᠰᠢᠭ ᠢ ᠤᠯᠤᠭᠠᠳ ᠪᠠᠶᠢᠨ᠎ᠠ᠃   ᠦᠨᠦᠷᠲᠦ ᠨᠢᠭᠡᠳᠪᠦᠷᠢ ᠪᠤᠯ ᠨᠢᠭᠡ ᠲᠦᠷᠤᠯ ᠤᠨ ᠬᠢᠮᠢ ᠶᠢᠨ ᠤᠬᠠᠭᠠᠨ ᠤ ᠰᠢᠨᠵᠢ ᠴᠢᠨᠡᠷ ᠢᠶᠠᠷ ᠲᠤᠬᠳᠠᠭᠤᠨ ᠪᠦᠭᠡᠳ ᠠᠩᠬᠢᠯᠤᠮ᠎ᠠ ᠦᠨᠦᠷ ᠲᠠᠢ ᠤᠷᠭᠠᠨᠢᠭ ᠮᠤᠯᠧᠺᠦ᠋ᠯ ᠪᠠᠶᠢᠵᠦ᠂ ᠶᠡᠷᠦ ᠳᠡᠭᠡᠨ ᠦᠨᠦᠷᠲᠦ ᠴᠠᠭᠠᠷᠢᠭᠳᠤ ᠪᠦᠳᠦᠴᠡ ᠲᠠᠢ ᠪᠠᠶᠢᠳᠠᠭ᠃ ᠦᠨᠦᠷᠲᠦ ᠪᠦᠯᠦᠭ ᠤᠨ ᠨᠢᠭᠡᠳᠪᠦᠷᠢ ᠨᠢ ᠤᠷᠭᠠᠨᠢᠭ ᠬᠢᠮᠢ ᠶᠢᠨ ᠠᠵᠤ ᠦᠢᠯᠡᠳᠪᠦᠷᠢ ᠶᠢᠨ ᠴᠢᠬᠤᠯᠠ ᠲᠦᠭᠦᠬᠡᠢ ᠮᠠᠲᠤᠷᠢᠶᠠᠯ ᠪᠠᠶᠢᠵᠦ᠂ ᠦᠨᠦᠷᠲᠦ ᠨᠢᠭᠡᠳᠪᠦᠷᠢ ᠶᠢᠨ ᠠᠵᠤ ᠦᠢᠯᠡᠳᠪᠦᠷᠢ ᠶᠢᠨ ᠦᠢᠯᠡᠳᠪᠦᠷᠢᠯᠡᠯ ᠳᠤ ᠭᠤᠤᠯᠳᠠᠭᠤ ᠡᠾᠯᠤᠷᠳᠤ ᠪᠧᠨ᠋ᠽᠢᠯ᠂ ᠮᠧᠲ᠋ᠢᠯᠳᠤ ᠪᠧᠨ᠋ᠽᠧᠨ ᠢᠶᠠᠷ ᠲᠦᠭᠦᠬᠡᠢ ᠮᠠᠲᠤᠷᠢᠶᠠᠯ ᠪᠤᠯᠭᠠᠳᠠᠭ᠃ ᠤᠳᠤᠬᠠᠨ ᠤ ᠦᠨᠦᠷᠲᠦ ᠪᠦᠯᠦᠭ ᠤᠨ ᠨᠢᠭᠡᠳᠪᠦᠷᠢ ᠶᠢ ᠨᠡᠶᠢᠯᠡᠬᠦᠯᠬᠦ ᠠᠷᠭ᠎ᠠ ᠳᠤ ᠭᠤᠤᠯᠳᠠᠭᠤ ᠮᠧᠲ᠋ᠢᠯᠳᠤ ᠪᠧᠨ᠋ᠽᠧᠨ ᠢ ᠢᠰᠦᠯᠳᠦᠭᠦᠯᠬᠦ ᠠᠷᠭ᠎ᠠ᠂ ᠮᠧᠲ᠋ᠢᠯᠳᠤ ᠪᠧᠨ᠋ᠽᠧᠨ ᠢ ᠡᠾᠯᠤᠷᠵᠢᠬᠦᠯᠦᠨ ᠤᠰᠤ ᠪᠠᠷ ᠵᠠᠳᠠᠷᠠᠭᠤᠯᠬᠤ ᠠᠷᠭ᠎ᠠ᠂ ᠡᠾᠯᠤᠷᠳᠤ ᠪᠧᠨ᠋ᠽᠢᠯ ᠤᠨ ᠤᠰᠤᠨ ᠵᠠᠳᠠᠷᠠᠯ ᠤᠨ ᠠᠷᠭ᠎ᠠ ᠵᠡᠷᠭᠡ ᠪᠠᠶᠢᠵᠦ᠂ ᠡᠳᠡᠭᠡᠷ ᠠᠷᠭ᠎ᠠ ᠨᠢ ᠪᠦᠷ ᠲᠤᠰᠠᠯᠠᠬᠤ ᠪᠤᠳᠠᠰ ᠠᠷᠪᠢᠨ᠂ ᠦᠷᠳᠡᠭ ᠢᠶᠠᠷ ᠦᠨᠳᠤᠷ᠂ ᠤᠷᠴᠢᠨ ᠲᠤᠭᠤᠷᠢᠨ ᠢ ᠪᠤᠬᠢᠷᠳᠤᠭᠤᠯᠬᠤ ᠵᠡᠷᠭᠡ ᠲᠤᠳᠠᠬᠳᠠᠯ ᠲᠠᠢ ᠪᠠᠶᠢᠳᠠᠭ᠃   ᠦᠨᠦᠷᠲᠦ ᠪᠦᠯᠦᠭ ᠤᠨ ᠨᠢᠭᠡᠳᠪᠦᠷᠢ ᠶᠢ ᠦᠢᠯᠡᠳᠬᠦ ᠤᠯᠠᠮᠵᠢᠯᠠᠯᠳᠤ ᠮᠡᠷᠭᠡᠵᠢᠯ ᠤᠨ ᠬᠤᠯᠢᠴᠠ ᠪᠤᠳᠠᠰ ᠠᠷᠪᠢᠨ᠂ ᠡᠨᠧᠷᠬᠢ ᠶᠢᠨ ᠬᠤᠷᠤᠬᠳᠠᠯ ᠶᠡᠭᠡ ᠵᠡᠷᠭᠡ ᠠᠰᠠᠭᠤᠳᠠᠯ ᠳᠤ ᠴᠢᠭᠯᠡᠬᠦᠯᠵᠦ᠂ ᠮᠠ ᠯᠢ ᠲᠦᠩ ᠤᠨ ᠪᠦᠯᠬᠦᠮ ᠮᠧᠲ᠋ᠢᠯᠳᠤ ᠪᠧᠨ᠋ᠽᠧᠨ ᠤ ᠬᠠᠮᠲᠤ ᠪᠤᠴᠠᠯᠭᠠᠵᠤ ᠤᠰᠤ ᠶᠢ ᠰᠠᠯᠭᠠᠬᠤ ᠵᠡᠷᠭᠡ TESP ᠮᠡᠷᠭᠡᠵᠢᠯ ᠢ ᠬᠡᠷᠡᠭᠯᠡᠵᠦ᠂ ᠬᠦᠷᠡᠩ ᠨᠡᠭᠦᠷᠡᠰᠤ ᠪᠠᠷ ᠲᠦᠭᠦᠬᠡᠢ ᠮᠠᠲᠤᠷᠢᠶᠠᠯ ᠪᠤᠯᠭᠠᠨ᠂ ᠪᠦᠭᠡᠭᠡᠨᠡᠷᠡᠯ ᠢ ᠴᠢᠭᠯᠡᠯ ᠲᠠᠢ ᠪᠤᠬᠢᠷᠳᠤᠯ ᠦᠭᠡᠢ ᠰᠠᠯᠭᠠᠨ᠂ ᠬᠡᠪ ᠤᠨ ᠲᠤᠯᠠᠭᠠᠨ ᠬᠡᠪ ᠤᠨ ᠲᠠᠷᠤᠯᠳᠠ ᠲᠤᠤᠷ᠎ᠠ ᠴᠡᠪᠡᠷᠴᠡ ᠨᠢ ᠦᠨᠳᠦᠷ ᠳᠠᠩ ᠪᠧᠨ᠋ᠽᠧᠨ ᠤ ᠴᠠᠭᠠᠷᠢᠬᠳᠤ ᠦᠨᠦᠷᠲᠦ ᠪᠦᠯᠦᠭ ᠤᠨ ᠨᠢᠭᠡᠳᠪᠦᠷᠢ ᠶᠢ ᠦᠢᠯᠡᠳᠪᠦᠷᠢᠯᠡᠭᠰᠡᠨ ᠪᠠᠶᠢᠨ᠎ᠠ᠃   ᠤᠶᠢᠯᠠᠭᠠᠬᠰᠠᠨ ᠢᠶᠠᠷ᠂ ᠪᠧᠨ᠋ᠽᠧᠨ᠋ᠳᠤ ᠮᠧᠲ᠋ᠢᠯ ᠠᠯᠳᠧᠬᠢᠳ᠋᠂ ᠪᠧᠨ᠋ᠽᠧᠨ᠋ᠳᠤ ᠮᠧᠲ᠋ᠢᠯ ᠠᠯᠺᠤᠤᠯ᠂ ᠪᠧᠨ᠋ᠽᠧᠨ᠋ᠳᠤ ᠮᠧᠲ᠋ᠢᠯ ᠬᠦᠴᠢᠯ ᠵᠡᠷᠭᠡ ᠦᠨᠦᠷᠲᠦ ᠪᠦᠯᠦᠭ ᠤᠨ ᠨᠢᠭᠡᠳᠪᠦᠷᠢ ᠶᠢ ᠢᠳᠡᠭᠡᠨ᠂ ᠵᠠᠰᠠᠯ ᠴᠢᠮᠡᠭᠯᠡᠯ ᠤᠨ ᠡᠳ᠋᠂ ᠡᠮ ᠡᠮᠨᠡᠯᠭᠡ ᠵᠡᠷᠭᠡ ᠤᠯᠠᠨ ᠬᠦᠷᠢᠶᠡᠨ ᠳᠤ ᠦᠷᠭᠡᠨ ᠢᠶᠠᠷ ᠬᠡᠷᠡᠭᠯᠡᠳᠡᠭ ᠪᠠᠶᠢᠨ᠎ᠠ᠃ ᠮᠠᠨ ᠤ ᠤᠷᠤᠨ ᠤ ᠨᠡᠭᠦᠷᠡᠰᠤᠨ ᠤ ᠪᠦᠬᠦ ᠬᠠᠳᠠᠭᠠᠯᠠᠭᠳᠠᠴᠠ ᠲᠤᠳᠤᠷ᠎ᠠ ᠬᠦᠷᠡᠩ ᠨᠡᠭᠦᠷᠡᠰᠤ ᠪᠠᠷᠤᠭ ᠬᠠᠭᠠᠰ ᠤᠷᠴᠢᠮ ᠢ ᠡᠵᠡᠯᠡᠵᠦ ᠪᠠᠶᠢᠳᠠᠭ᠃ ᠬᠡᠷᠬᠢᠨ ᠬᠦᠷᠡᠩ ᠨᠡᠭᠦᠷᠡᠰᠤ ᠶᠢ ᠪᠤᠬᠢᠷᠳᠤᠯ ᠦᠭᠡᠢ ᠶᠡᠷᠦᠩᠬᠡᠶᠢᠯᠡᠨ ᠠᠰᠢᠬᠯᠠᠬᠤ ᠨᠢ ᠡᠨᠧᠷᠬᠢ ᠶᠢᠨ ᠠᠰᠠᠭᠤᠳᠠᠯ᠂ ᠤᠷᠴᠢᠨ ᠲᠤᠭᠤᠷᠢᠨ ᠤ ᠠᠰᠠᠭᠤᠳᠠᠯ ᠪᠤᠯᠬᠤ ᠪᠠᠷ ᠦᠯᠦ ᠪᠠᠷᠠᠮ᠂ ᠮᠦᠨ ᠴᠤ ᠠᠵᠤ ᠠᠬᠤᠢ ᠶᠢᠨ ᠠᠰᠠᠭᠤᠳᠠᠯ ᠪᠠᠶᠢᠵᠦ᠂ ᠦᠪᠡᠷᠳᠡᠭᠡᠨ ᠵᠠᠰᠠᠬᠤ ᠤᠷᠤᠨ ᠤ ︽ᠬᠤᠤᠰ ᠨᠡᠭᠦᠷᠡᠰᠦᠳᠦ᠋ᠷᠦᠭᠴᠢ︾᠎ ᠶᠢᠨ ᠬᠠᠷᠠᠯᠳᠠ ᠶᠢ ᠪᠡᠶᠡᠯᠡᠬᠦᠯᠬᠦ ᠪᠤᠯᠤᠨ ᠠᠵᠤ ᠠᠬᠤᠢ ᠨᠡᠶᠢᠭᠡᠮ ᠤᠨ ᠦᠷᠭᠦᠯᠵᠢᠯᠡᠬᠦ ᠬᠦᠭᠵᠢᠯᠳᠡ ᠶᠢᠨ ᠴᠢᠬᠤᠯᠠ ᠠᠰᠠᠭᠤᠳᠠᠯ ᠪᠤᠯᠤᠬᠰᠠᠨ ᠪᠠᠶᠢᠨ᠎ᠠ᠃   ᠮᠠ ᠯᠢ ᠲᠦᠩ ᠫᠷᠤᠹᠧᠰᠰᠤᠷ ᠤᠨ ᠲᠠᠨᠢᠯᠴᠠᠭᠤᠯᠬᠤ ᠪᠠᠷ᠂ ᠬᠦᠷᠡᠩ ᠨᠡᠭᠦᠷᠡᠰᠤ ᠪᠤᠯ ᠲᠦᠯᠡᠰᠢ ᠮᠦᠨ᠂ ᠪᠠᠰᠠ ᠴᠤ ᠴᠢᠬᠤᠯᠠ ᠬᠢᠮᠢ ᠶᠢᠨ ᠠᠵᠤ ᠦᠢᠯᠡᠳᠪᠦᠷᠢ ᠶᠢᠨ ᠲᠦᠭᠦᠬᠡᠢ ᠮᠠᠲᠤᠷᠢᠶᠠᠯ ᠮᠦᠨ᠃ ᠬᠦᠷᠡᠩ ᠨᠡᠭᠦᠷᠡᠰᠤ ᠠᠴᠠ ᠦᠨᠦᠷᠲᠦ ᠪᠦᠯᠦᠭ ᠤᠨ ᠨᠢᠭᠡᠳᠪᠦᠷᠢ ᠶᠢ ᠦᠢᠯᠡᠳᠪᠦᠷᠢᠯᠡᠨ ᠭᠠᠷᠭᠠᠬᠤ ᠨᠢ ᠬᠦᠷᠡᠩ ᠨᠡᠭᠦᠷᠡᠰᠤ ᠶᠢ ᠡᠬᠢ ᠪᠠᠶᠠᠯᠢᠬᠵᠢᠭᠤᠯᠤᠨ ᠠᠰᠢᠬᠯᠠᠬᠤ ᠶᠢᠨ ᠴᠢᠬᠤᠯᠠ ᠬᠡᠯᠪᠡᠷᠢ ᠮᠦᠨ᠃ ᠬᠦᠷᠡᠩ ᠨᠡᠭᠦᠷᠡᠰᠤᠨ ᠳᠤ ᠪᠧᠨ᠋ᠽᠧᠨ ᠴᠠᠭᠠᠷᠢᠭ᠂ ᠬᠦᠴᠢᠯᠳᠦ᠋ᠷᠦᠭᠴᠢᠳᠤ ᠨᠦᠯᠦᠭᠡᠳᠤ ᠪᠦᠯᠦᠭ ︵-COOH、-CHO、-OH︶︶ ᠪᠤᠯᠤᠨ ᠬᠠᠵᠠᠭᠤ ᠶᠢᠨ ᠬᠡᠯᠬᠢᠶ᠎ᠠ ᠵᠡᠷᠭᠡ ᠪᠦᠳᠦᠴᠡ ᠡᠯᠪᠡᠭ ᠠᠭᠤᠯᠤᠬᠳᠠᠵᠦ᠂ ᠦᠨᠦᠷᠲᠦ ᠪᠦᠯᠦᠭ ᠤᠨ ᠨᠢᠭᠡᠳᠪᠦᠷᠢ ᠶᠢ ᠦᠢᠯᠡᠳᠴᠦ ᠭᠠᠷᠭᠠᠬᠤ ᠳᠤ ᠤᠨᠤᠯ ᠤᠨ ᠰᠠᠭᠤᠷᠢ ᠪᠤᠯᠤᠨ ᠡᠬᠢ ᠪᠠᠶᠠᠯᠢᠭ ᠤᠨ ᠰᠠᠭᠤᠷᠢ ᠶᠢ ᠬᠠᠩᠭᠠᠬᠰᠠᠨ ᠭᠡᠨ᠎ᠡ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号