ᠪᠦᠬᠡ ᠵᠢᠷᠤᠬᠤ ᠳᠠᠭᠠᠨ ᠭᠠᠷᠮᠠᠭᠠᠢ ᠨᠠᠶᠠᠨᠳᠠᠢ
ᠨᠡᠶᠢᠲᠡᠯᠡᠭᠰᠡᠨ ᠴᠠᠭ᠄
2024/4/2
   ᠤᠷᠴᠢᠮ ᠠᠪᠤᠷᠭᠤ ᠪᠦᠭᠡᠴᠢᠳ ᠤᠨ ᠢᠶᠠᠨ ᠭᠡᠷᠡᠯ ᠵᠢᠷᠤᠭ ᠢ ᠦᠪᠡᠷ ᠤᠨ ᠤᠷ᠎ᠠ ᠠᠪᠢᠶᠠᠰ ᠤᠬᠠᠭᠠᠨ ᠪᠢᠯᠢᠭ ᠲᠡᠭᠡᠨ ᠲᠦᠰᠢᠭᠯᠡᠨ ᠤᠷᠠᠯᠠᠨ ᠵᠢᠷᠤᠭᠠᠳ᠂ ᠦᠷᠬᠡᠨ ᠤᠯᠠᠨ ᠰᠦᠯᠵᠢᠶᠡᠨ ᠢᠷᠭᠡᠳ ᠵᠢᠴᠢ ᠠᠪᠤᠷᠭᠤᠴᠤᠤᠯ ᠤᠨ ᠢᠶᠠᠨ ᠬᠠᠯᠠᠭᠤᠨ ᠬᠦᠷᠢᠶᠡᠯᠡᠯ ᠢ ᠤᠯᠵᠦ ᠶᠠᠪᠤᠭ᠎ᠠ ᠤᠡᠭᠨᠢᠭᠤᠳ ᠨᠤᠳᠤᠭ ᠲᠠᠢ ᠵᠠᠯᠠᠭᠤ ᠤᠷᠡᠨ ᠵᠢᠷᠤᠠᠠᠴᠢᠨ ᠨᠠᠶᠠᠨᠲᠠᠢ ᠶᠢ ᠰᠤᠷᠪᠤᠯᠵᠢᠯᠠᠭᠰᠠᠨ ᠪᠢᠯᠡ᠃   ᠤᠡᠭᠨᠢᠭᠤᠳ ᠬᠤᠰᠢᠭᠤᠨ ᠤ ᠪᠤᠷᠤᠬᠤᠳᠠ ᠪᠠᠯᠭᠠᠰᠦ ᠶᠢᠨ ᠬᠤᠷᠠᠬᠤ ᠭᠠᠴᠠᠭ᠎ᠠ ᠪᠠᠷ ᠨᠤᠳᠤᠭ ᠲᠠᠢ ᠤᠷᠡᠨ ᠵᠢᠷᠤᠠᠠᠴᠢᠨ ᠨᠠᠶᠠᠨᠲᠠᠢ 2015 ᠣᠨ ᠳᠤ ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ ᠠᠴᠠ ᠲᠣᠰᠣᠨ ᠵᠢᠷᠤᠭ ᠤᠨ ᠲᠤᠰᠬᠠᠢ ᠮᠡᠷᠭᠡᠵᠢᠯ ᠢᠶᠠᠷ ᠲᠡᠭᠦᠰᠦᠭᠰᠡᠨ ᠤ ᠲᠠᠷᠠᠭ᠎ᠠ᠂ ᠨᠤᠲᠤᠭ ᠲᠠᠭᠠᠨ ᠪᠤᠴᠠᠵᠤ ︽ᠰᠤᠯᠤᠩᠭ᠎ᠠ ᠤᠷᠡᠨ ᠵᠢᠷᠤᠭ ᠤᠨ ᠦᠷᠦᠭᠡ︾ ᠪᠠᠨ ᠨᠡᠭᠡᠭᠡᠵᠦ᠂ ᠠᠷᠪᠠᠭᠠᠳ ᠵᠢᠯ ᠤᠨ ᠲᠤᠷᠰᠢ ᠬᠡᠤᠬᠡᠳ ᠳᠡᠭᠦᠦ ᠨᠠᠷ ᠲᠠᠭᠠᠨ ᠵᠢᠷᠤᠠᠠᠴᠢᠨ ᠪᠤᠯᠬᠤ ᠬᠦᠰᠡᠯᠡᠩ ᠤᠨ ᠬᠢᠨᠢ ᠴᠠᠮᠬᠠᠭ ᠪᠤᠯᠵᠦ᠂ ᠠᠵᠢᠯ ᠦᠢᠯᠡᠰ ᠢᠶᠠᠨ ᠦᠭᠡᠳᠡᠯᠡᠬᠦᠯᠵᠦ ᠶᠠᠪᠤᠨ᠎ᠠ᠃   ᠨᠠᠶᠠᠠᠳᠠᠢ ᠨᠠᠶᠢᠷ ᠨᠠᠭᠠᠳᠤᠮ ᠢᠶᠠᠷ ᠤᠴᠢᠵᠤ ᠪᠦᠬᠡ ᠰᠤᠨᠢᠷᠬᠠᠬᠤ ᠤᠴᠢᠷ ᠦᠭᠡᠢ ᠲᠤᠷᠠᠳᠠᠢ᠂ ᠲᠡᠷᠡ ᠮᠦᠷᠳᠡᠬᠡᠨ ᠠᠪᠤᠷᠭᠤ ᠪᠦᠬᠡᠴᠢᠳ ᠤᠨ ᠪᠦᠬᠡ ᠶᠢᠨ ᠤᠷ᠎ᠠ ᠮᠡᠷᠬᠡᠵᠢᠯ ᠢ ᠨᠢ ᠪᠢᠰᠢᠷᠡᠵᠦ ᠪᠠᠭ᠋ᠠᠷᠬᠠᠵᠦ ᠶᠠᠪᠤᠳᠠᠭ᠃ ᠡᠬᠦᠨ ᠠᠴᠠ ᠭᠠᠳᠠᠨ᠎ᠠ ᠲᠡᠷᠡ ᠪᠠᠷ ᠵᠢᠷᠬᠢᠶ᠎ᠡ ᠰᠦᠯᠵᠢᠶᠡᠨ ᠠᠴᠠ ᠪᠦᠬᠡᠴᠢᠳ ᠤᠨ ᠤᠯᠠᠨ ᠰᠠᠶᠢᠬᠠᠨ ᠵᠢᠷᠤᠭ ᠰᠡᠬᠦᠳᠡᠷ ᠢ ᠤᠯᠵᠤ ᠬᠠᠷᠠᠪᠠᠯ ᠲᠡᠷᠡ ᠲᠠᠷᠤᠢ ᠳᠤᠨᠢ ᠬᠠᠳᠠᠭᠠᠯᠠᠵᠤ ᠠᠪᠳᠠᠭ ᠲᠠᠳᠬᠠᠯ ᠲᠠᠢ᠃ ᠵᠢᠷᠤᠭᠴᠢᠨ ᠬᠦᠮᠦᠨ ᠬᠡᠳᠡᠭ ᠪᠦᠷ ᠯᠡ ᠦᠪᠡᠷ ᠦᠪᠡᠷ ᠤᠨ ᠤᠷᠠᠯᠠᠨ ᠵᠢᠷᠤᠬᠤ ᠥᠪᠡᠷᠮᠢᠴᠡ ᠤᠨᠴᠠᠯᠢᠭ ᠲᠠᠢ ᠪᠠᠶᠢᠳᠠᠭ ᠰᠢᠬ ᠢᠶᠠᠨ ᠪᠦᠬᠡᠴᠢᠨ ᠬᠦᠮᠦᠨ ᠳᠤ ᠴᠦ ᠬᠡᠰᠡᠨ ᠦᠪᠡᠷ ᠤᠨ ᠬᠢᠨᠢ ᠤᠨᠴᠠᠯᠢᠭ ᠪᠤᠯᠬᠤ ᠪᠦᠬᠡ ᠶᠢᠨ ᠮᠡᠭᠡ ᠬᠢᠴᠡ ᠪᠠᠶᠢᠳᠠᠭ ᠬᠡᠮᠡᠨ ᠪᠤᠳᠤᠳᠠᠭ ᠲᠡᠷᠡ ᠪᠠᠷ ᠠᠪᠤᠷᠭᠤ ᠪᠦᠬᠡᠴᠢᠳ ᠤᠨ ᠢᠶᠠᠨ ᠠᠭᠤᠤ ᠲᠦᠷᠢ ᠰᠦᠷᠯᠢᠭ ᠪᠠᠶᠢᠳᠠᠯ ᠢ ᠨᠢ ᠦᠪᠡᠷ ᠤᠨ ᠢᠶᠠᠨ ᠪᠢᠷ ᠴᠠᠭᠠᠰᠤ ᠤᠷᠠᠨ ᠰᠡᠳᠬᠢᠮᠵᠢ ᠪᠠᠷ ᠠᠮᠢᠯᠠᠭᠤᠯᠤᠨ ᠵᠢᠷᠤᠶ᠎ᠠ ᠬᠡᠰᠡᠨ ᠪᠤᠳᠤᠯ ᠳᠠᠭᠠᠨ ᠬᠦᠳᠦᠯᠦᠭᠳᠡᠨ ᠠᠪᠤᠷᠭᠤᠴᠤᠤᠯ ᠢᠶᠠᠨ ᠡᠬᠢᠯᠡᠨ ᠵᠢᠷᠤᠭᠰᠠᠨ ᠪᠠᠶᠢᠨ᠎ᠠ᠃ ᠨᠠᠶᠠᠨᠳᠠᠢ ᠤᠷᠴᠢᠮᠬᠠᠨ ᠠᠯᠳᠠᠷᠳᠤ ᠪᠦᠬᠡᠴᠢᠨ ᠠᠷᠤ ᠬᠤᠷᠴᠢᠨ ᠤ ᠮᠦᠡᠭᠭᠡᠳᠦ᠋ᠬᠦᠷᠡᠩ ᠢ ᠵᠢᠷᠤᠠᠠᠰᠡᠨ ᠲᠤᠬᠠᠢ ᠪᠤᠳᠤᠯ ᠰᠡᠳᠬᠢᠭᠳᠡᠯ ᠢᠶᠠᠨ ᠬᠤᠪᠢᠶᠠᠯᠴᠠᠬᠤ ᠳᠠᠭᠠᠨ᠄ ︽ᠠᠷᠤ ᠬᠤᠷᠴᠢᠨ ᠨᠤᠳᠤᠭ ᠲᠠᠢ ᠨᠡᠷᠡᠳᠦ ᠵᠠᠯᠠᠭᠤ ᠬᠦᠴᠦᠳᠡᠨ ᠮᠦᠡᠭᠭᠡᠳᠦ᠋ᠬᠦᠷᠡᠩ ᠲᠦᠷᠦᠬᠦᠬᠡᠨ ᠤᠯᠠᠭᠠᠨᠬᠠᠳᠠ ᠬᠤᠳᠠ ᠶᠢᠨ ᠶᠤᠰᠤ ᠰᠤᠷᠳᠠᠬᠤᠨ ᠤ ᠵᠢᠱᠢᠶᠡᠴᠢ ᠪᠠᠷ ᠬᠦᠬᠢᠬᠦᠯᠦᠭᠳᠡᠭᠰᠡᠨ ᠪᠢᠯᠡ᠂ ᠮᠦᠡᠭᠭᠡᠳᠦ᠋ᠬᠦᠷᠡᠩ ᠪᠦᠬᠡ ᠰᠠᠶᠢᠨ ᠪᠠᠷᠢᠯᠳᠤᠳᠠᠭ ᠢᠶᠠᠷ ᠪᠠᠷᠠᠬᠤ ᠦᠬᠡᠢ ᠦᠷᠬᠦᠯᠵᠢ ᠤᠯᠠᠨ ᠲᠦᠮᠡᠨ ᠳᠤ ᠲᠤᠰᠠᠳᠠᠢ ᠦᠢᠯᠡ ᠠᠵᠢᠯᠯᠠᠭ᠎ᠠ ᠬᠢᠳᠡᠭ ᠠᠴᠠ ᠠᠷᠠᠳ ᠤᠯᠠᠨ ᠤ ᠪᠠᠨ ᠲᠤᠮᠳᠠ ᠮᠠᠰᠢ ᠬᠦᠷᠢᠶᠡᠯᠡᠯ ᠲᠠᠢ᠃ ᠲᠡᠬᠦᠨ ᠤ ᠪᠡᠶ᠎ᠡ ᠪᠢᠯᠳᠡᠷ ᠬᠦᠳᠡᠷ ᠰᠦᠷᠯᠢᠭ᠂ ᠪᠢᠷ᠎ᠠ ᠴᠢᠳᠠᠯ ᠶᠡᠭᠡ᠂ ᠮᠤᠩᠭᠤᠯ ᠡᠷ᠎ᠡ ᠶᠢᠨ ᠲᠦᠷᠢ ᠲᠦᠷᠬᠦ ᠶᠢ ᠪᠦᠷᠢᠳᠦᠭᠦᠯᠦᠭᠰᠡᠨ ᠰᠠᠶᠢᠬᠠᠨ ᠲᠦᠷᠬᠦ ᠲᠠᠢ ᠪᠤᠯᠬᠤᠷ ᠡᠳᠡᠭᠡᠷ ᠪᠠᠶᠢᠳᠠᠯ ᠢ ᠨᠢ ᠬᠦᠢᠴᠡᠳ ᠬᠠᠷᠠᠭᠤᠯᠤᠬᠰᠠᠨ ᠮᠦᠷᠳᠡᠬᠡᠨ ᠨᠢᠳᠤᠨ ᠬᠠᠷᠠᠴᠠᠨ ᠳᠤᠨᠢ ᠬᠤᠯᠠ ᠶᠢᠨ ᠬᠠᠷᠠᠯᠳᠠ ᠮᠡᠳᠡᠷᠡᠭᠳᠡᠵᠦ ᠪᠠᠶᠢᠭ᠎ᠠ ᠲᠤᠰ ᠬᠡᠷᠡᠯ ᠵᠢᠷᠤᠭ ᠢ ᠨᠢ ᠤᠯᠠᠨ ᠵᠢᠷᠤᠬ ᠳᠤᠮᠳᠠ ᠠᠴᠠ ᠰᠤᠩᠭᠤᠨ ᠵᠢᠷᠤᠵᠤ ᠡᠬᠢᠯᠡᠭᠰᠡᠨ ᠨᠢ ᠡᠨᠡ ᠶᠤᠮ︾ ᠬᠡᠯ᠎ᠡ᠃   ᠬᠡᠳᠦᠨ ᠵᠢᠯ ᠤᠨ ᠡᠮᠦᠨ᠎ᠡ ᠨᠠᠶᠠᠨᠳᠠᠢ ᠮᠢ᠊ · ᠰᠤᠶᠤᠯ᠂ ᠬᠡᠬᠡᠷᠡᠬᠦ᠂ ᠴᠠᠭᠠᠨᠵᠠᠭᠠᠨ᠂ ᠪᠠᠶᠠᠷᠪᠠᠭᠠᠳᠤᠷ ᠵᠡᠷᠬᠡ ᠠᠪᠤᠷᠭᠤᠴᠤᠳ ᠢ ᠵᠢᠷᠤᠵᠤ ᠦᠡᠭᠬᠡᠷᠡᠭᠰᠡᠨ ᠮᠦᠷᠳᠡᠬᠡᠨ ᠪᠦᠬᠡᠴᠢᠳ ᠲᠡᠭᠡᠨ ᠵᠢᠷᠤᠭᠰᠠᠨ ᠵᠢᠷᠤᠭ ᠢᠶᠠᠨ ᠪᠡᠯᠡᠭᠯᠡᠭᠰᠡᠨ ᠪᠠᠶᠢᠨ᠎ᠠ᠃ ᠤᠷᠴᠢᠮᠬᠠᠨ ᠶᠠᠪᠤᠬᠳᠠᠬᠰᠠᠨ 2023 ︽ᠡᠵᠡᠨ ᠬᠤᠷᠤᠭ᠎ᠠ ᠬᠤᠨᠳᠠᠭᠠᠳᠤ︾ ᠮᠤᠩᠭᠤᠯ ᠪᠦᠬᠡ ᠶᠢᠨ ᠮᠠᠩᠯᠠᠢ ᠰᠢᠯᠭᠠᠷᠠᠭᠤᠯᠬᠤ ᠴᠦᠷᠬᠡᠯᠡᠭᠡ ᠪᠠᠷᠢᠯᠳᠤᠭᠠᠨ ᠤ ᠰᠶᠢᠳᠪᠦᠷᠢᠳᠦ ᠳᠡᠮᠡᠴᠡᠬᠡᠨ ᠢᠶᠠᠷ ᠨᠠᠶᠠᠨᠳᠠᠢ ᠤᠷᠢᠯᠭ᠎ᠠ ᠪᠠᠷ ᠬᠦᠷᠦᠨ ᠤᠴᠢᠵᠤ᠂ ᠠᠬᠤᠢ ᠳᠠᠯᠠᠪᠠᠢ ᠳᠤ ᠥᠪᠡᠷ ᠤᠨ ᠤᠷ᠎ᠠ ᠠᠪᠢᠶᠠᠰ ᠢᠶᠠᠨ ᠭᠠᠶᠢᠬᠠᠭᠤᠯᠤᠨ᠂ ᠥᠪᠡᠷ ᠤᠨ ᠲᠤᠭᠤᠵᠤ ᠪᠠᠭ᠋ᠠᠷᠬᠠᠳᠠᠬ ᠰᠦᠨᠢᠳ ᠵᠡᠬᠦᠨ ᠬᠤᠰᠢᠭᠤ ᠪᠠᠷ ᠨᠤᠳᠤᠭᠳᠠᠢ ︽ᠲᠠᠩᠺ︾ ᠬᠡᠮᠡᠨ ᠠᠯᠳᠠᠷᠰᠢᠬᠰᠠᠨ ᠳᠠᠪᠬᠤᠷᠪᠠᠶᠠᠷ ᠢ ᠵᠢᠷᠤᠵᠤ᠂ ᠵᠢᠷᠤᠬᠰᠠᠨ ᠵᠢᠷᠤᠬ ᠢᠶᠠᠨ ᠳᠠᠪᠬᠤᠷᠪᠠᠶᠠᠷ ᠲᠤ ᠪᠡᠯᠡᠭᠯᠡᠨ ᠤᠯᠠᠨ ᠪᠦᠬᠦᠳᠡ ᠶᠢ ᠪᠠᠶᠠᠷᠯᠠᠭᠤᠯᠤᠬᠰᠠᠨ ᠪᠢᠯᠡ᠃   ᠡᠬᠦᠨ ᠠᠴᠠ ᠰᠡᠬᠦᠯᠡᠷ ᠨᠠᠶᠠᠨᠳᠠᠢ ᠴᠦ ᠤᠷ᠎ᠠ ᠠᠪᠢᠶᠠᠰ ᠢᠶᠠᠨ ᠦᠷᠬᠦᠯᠵᠢᠯᠡᠨ ᠪᠠᠳᠠᠷᠠᠭᠤᠯᠵᠤ᠂ ᠨᠡᠩ ᠤᠯᠠᠨ ᠠᠯᠳᠠᠷᠳᠤ ᠠᠪᠤᠷᠭᠤ ᠪᠦᠬᠡᠴᠤᠤᠯ ᠢᠶᠠᠨ ᠠᠮᠢᠯᠠᠭᠤᠯᠤᠨ ᠵᠢᠷᠤᠨ᠎ᠠ ᠭᠡᠵᠦ ᠢᠳᠡᠬᠡᠯ ᠲᠦᠭᠦᠷᠡᠩ ᠶᠠᠷᠢᠵᠤ ᠪᠠᠶᠢᠯ᠎ᠠ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号