ᠭᠠᠭ᠋ᠠᠢ ᠠᠭᠤᠯᠠ ᠶᠢᠨ ᠲᠤᠮᠤᠭ
ᠨᠡᠶᠢᠲᠡᠯᠡᠭᠰᠡᠨ ᠴᠠᠭ᠄
2024/4/17
  ᠤᠷᠢᠳᠦ ᠴᠠᠭ ᠲᠤ᠂ ᠭᠦᠷᠢᠶ᠎ᠡ ᠬᠤᠰᠢᠭᠤᠨ ᠤ ᠶᠠᠩᠰᠢᠪ ᠤᠨ ᠠᠶᠢᠯ ᠳᠤ ᠠᠳᠤᠭᠤ ᠮᠠᠯ ᠤᠯᠠᠨ ᠲᠠᠢ ᠨᠢᠬᠡᠨ ᠪᠠᠶᠠᠨ ᠪᠠᠶᠢᠵᠠᠢ᠃ ᠨᠢᠬᠡᠨ ᠡᠳᠦᠷ ᠲᠡᠷᠡ ᠪᠠᠶᠠᠨ ᠤ ᠳᠤ ᠨᠢᠬᠡᠨ ᠦᠯᠦ ᠲᠠᠨᠢᠬᠤ ᠭᠦᠮᠦᠨ ᠢᠷᠡᠵᠦ ᠭᠦᠴᠦ ᠶᠠᠪᠤᠬᠤ  ᠪᠠᠷ ᠭᠤᠶᠤᠭᠰᠠᠨ ᠳᠤ ᠪᠠᠶᠠᠨ ᠵᠦᠪᠰᠢᠶᠡᠷᠡᠵᠦ ᠠᠳᠤᠭᠤ ᠮᠠᠯ ᠢᠶᠠᠨ ᠬᠠᠷᠢᠭᠤᠯᠤᠭᠤᠯᠪᠠ ᠬᠡᠨ᠎ᠡ᠃ ᠡᠳᠦᠷ ᠰᠠᠷ᠎ᠠ ᠦᠩᠬᠡᠷᠡᠭᠰᠡᠬᠡᠷ ᠭᠤᠷᠪᠠᠨ ᠵᠢᠯ ᠤᠨ ᠨᠢᠭᠤᠷ ᠢ ᠦᠵᠡᠵᠦ᠂ ᠭᠦᠴᠦᠨ ᠤ ᠭᠦᠮᠦᠨ ᠶᠠᠪᠤᠬᠤ ᠪᠠᠷ ᠪᠤᠯᠤᠭᠰᠠᠨ ᠳᠤ ᠪᠠᠶᠠᠨ ᠠᠴᠠ ᠭᠦᠴᠦ ᠬᠠᠷᠠᠮᠵᠢ ᠶᠢ ᠨᠢ ᠪᠤᠳᠤᠵᠦ ᠦᠭᠭᠦ ᠪᠠᠷ ᠪᠤᠯᠪᠠ᠃ ᠲᠡᠷᠡ ᠭᠦᠴᠦᠨ ᠤ ᠭᠦᠮᠦᠨ᠄ ︽ᠪᠢ ᠦᠬᠡᠷ᠎ᠡ ᠶᠠᠭᠤ ᠴᠦ ᠠᠪᠬᠤ ᠦᠬᠡᠢ᠂ ᠲᠠᠨ ᠤ ᠭᠦᠮᠦᠷᠬᠡᠨ ᠠᠴᠠ ᠨᠢᠬᠡ ᠱᠧᠩ ᠰᠢᠷ᠎ᠠ ᠪᠤᠷᠴᠠᠭ ᠠᠪᠤᠪᠠᠯ ᠪᠤᠯᠴᠢᠬᠠᠨ᠎ᠠ ︾ ᠬᠡᠪᠡ᠃ ᠪᠠᠶᠠᠨ ᠰᠤᠨᠤᠰᠤᠭᠠᠳ ᠶᠡᠭᠡ ᠯᠡ ᠪᠠᠶᠠᠷᠯᠠᠵᠦ ︽ᠨᠢᠬᠡ ᠱᠧᠩ ᠪᠠᠶᠢᠳᠤᠭᠠᠢ ᠠᠷᠪᠠᠨ ᠱᠧᠩ ᠠᠪᠤᠭᠰᠠᠨ ᠴᠦ ᠪᠤᠯᠤᠨ᠎ᠠ︾ ᠬᠡᠵᠡᠢ᠃ ᠲᠡᠷᠡ ᠭᠦᠮᠦᠨ ᠨᠢᠬᠡ ᠱᠧᠩ ᠰᠢᠷ᠎ᠠ ᠪᠤᠷᠴᠠᠭ ᠢ ᠨᠢ ᠠᠪᠴᠦ ᠶᠠᠪᠤᠪᠠ᠃ ᠪᠠᠶᠠᠨ ᠬᠡᠳᠦ᠋ᠢᠪᠡᠷ ᠲᠤᠳᠤᠷ᠎ᠠ ᠪᠠᠨ ᠶᠡᠭᠡ ᠯᠡ ᠪᠠᠶᠠᠷᠯᠠᠪᠠᠴᠦ ᠡᠨᠡ ᠭᠦᠮᠦᠨ ᠨᠢᠬᠡ ᠯᠡ ᠱᠧᠩ ᠰᠢᠷ᠎ᠠ ᠪᠤᠷᠴᠠᠭ ᠢᠶᠠᠷ ᠴᠤᠬᠤᠮ ᠶᠠᠭᠤ ᠬᠢᠭᠦ ᠶᠤᠮ ᠳ᠋ᠠ ᠬᠡᠵᠦ ᠭᠠᠶᠢᠬᠠᠰᠢ ᠠᠯᠳᠠᠨ ᠲᠡᠷᠡ ᠭᠦᠮᠦᠨ ᠤ ᠬᠤᠶᠢᠨ᠎ᠠ ᠠᠴᠠ ᠬᠡᠳᠡᠵᠦ ᠶᠠᠪᠤᠪᠠ᠃ ᠦᠨᠦᠬᠢ ᠭᠦᠴᠦᠨ ᠤ ᠭᠦᠮᠦᠨ ᠪᠠᠶᠠᠨ ᠤ ᠬᠡᠷ ᠠᠴᠠ ᠭᠠᠷᠴᠦ ᠶᠠᠪᠤᠭᠠᠳ ᠲᠤᠰ ᠠᠶᠢᠯ ᠠᠴᠠ ᠤᠶᠢᠷᠠᠯᠴᠠᠭ᠎ᠠ ᠨᠢᠬᠡᠨ ᠠᠭᠤᠯᠠᠨ ᠳᠤ ᠭᠦᠷᠦᠭᠰᠡᠨ ᠪᠠᠶᠢᠯ᠎ᠠ᠃ ᠠᠭᠤᠯᠠᠨ ᠳᠤ ᠭᠠᠷᠤᠭᠰᠠᠨ ᠤ ᠰᠠᠭᠦᠯᠡᠷ ᠲᠡᠷᠡ ᠨᠢᠬᠡ ᠶᠡᠭᠡ ᠬᠠᠳᠠᠨ ᠤ ᠲᠡᠷᠬᠡᠳᠠ ᠭᠦᠷᠴᠦ ᠦᠨᠦᠬᠢ ᠨᠢᠬᠡ ᠱᠧᠩ ᠰᠢᠷ᠎ᠠ ᠪᠤᠷᠴᠠᠭ ᠢᠶᠠᠨ ᠬᠠᠳᠠᠨ ᠲᠡᠬᠡᠷ᠎ᠡ ᠰᠠᠴᠤᠭᠰᠠᠨ ᠤ ᠲᠠᠷᠠᠭ᠎ᠠ ᠠᠭᠱᠠᠨ ᠵᠠᠭᠤᠷ᠎ᠠ ᠬᠠᠳᠠ ᠨᠡᠬᠡᠬᠡᠭᠳᠡᠵᠦ ᠨᠢᠬᠡᠨ ᠡᠷᠳᠡᠨᠢ ᠶᠢᠨ ᠭᠠᠭ᠋ᠠᠢ ᠭᠠᠷᠴᠦ ᠢᠷᠡᠭᠦ ᠬᠠᠷᠠᠭᠳᠠᠪᠠ᠃ ᠲᠦᠩᠬᠡᠵᠦ ᠭᠠᠭ᠋ᠠᠢ ᠶᠢᠨ ᠬᠠᠭᠠᠰ ᠪᠡᠶ᠎ᠡ ᠨᠢ ᠭᠠᠷᠴᠦ ᠢᠷᠡᠳᠠᠯ᠎ᠠ ᠬᠡᠳᠡᠵᠦ ᠪᠠᠶᠢᠭ᠎ᠠ ᠪᠠᠶᠠᠨ ᠰᠤᠴᠢᠭᠰᠠᠨ ᠭᠦᠴᠦᠨ ᠳᠡᠭᠡᠨ ︽ᠲᠡᠷᠡ ᠭᠠᠷᠴᠦ ᠢᠷᠡᠭᠦ ᠶᠠᠭᠤᠮ᠎ᠠ ᠶᠠᠭᠤ ᠪᠤᠢ︖︾ ᠬᠡᠵᠦ ᠪᠠᠷᠬᠢᠷᠠᠨ ᠠᠰᠠᠭᠤᠭᠰᠠᠨ ᠬᠡᠨ᠎ᠡ᠃ ᠪᠠᠶᠠᠨ ᠤ ᠪᠠᠷᠬᠢᠷᠠᠭᠰᠠᠨ ᠲᠠᠭᠤᠨ ᠳᠤ ᠲᠡᠷᠡ ᠡᠷᠳᠡᠨᠢ ᠶᠢᠨ ᠭᠠᠭ᠋ᠠᠢ ᠡᠷᠬᠢᠬᠡᠳ ᠲᠤᠳᠤᠭᠰᠢ ᠪᠠᠨ ᠰᠢᠷᠭᠤᠨ ᠤᠷᠤᠵᠠᠢ᠃ ᠲᠤᠰ ᠨᠤᠳᠤᠭ ᠤᠨ ᠭᠦᠮᠦᠰ ᠲᠡᠷᠡ ᠴᠠᠭ ᠠᠴᠠ ᠡᠬᠢᠯᠡᠬᠡᠳ ᠦᠨᠦ ᠡᠷᠳᠡᠨᠢ ᠶᠢᠨ ᠭᠠᠭ᠋ᠠᠢ ᠨᠢᠭᠤᠭᠳᠠᠭᠰᠠᠨ ᠠᠭᠤᠯᠠ ᠶᠢ ᠭᠠᠭ᠋ᠠᠢ ᠠᠭᠤᠯᠠ ᠬᠡᠮᠡᠨ ᠨᠡᠷᠡᠯᠡᠨ ᠲᠠᠭᠤᠳᠠᠬᠤ ᠪᠤᠯᠪᠠ ᠬᠡᠨ᠎ᠡ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号