ᠨᠢᠭᠡ᠂ ᠮᠡᠷᠭᠡᠵᠢᠯ ᠤᠨ ᠲᠦᠢᠮᠣᠴᠢᠯᠠᠯ ᠬᠤᠷᠠᠭ᠎ᠠ ᠵᠢᠴᠢ ᠪᠡᠯᠡᠳᠬᠡᠯ ᠬᠤᠨᠢ ᠪᠣᠯ ᠬᠤᠨᠢᠨ ᠤ ᠠᠵᠤ ᠦᠢᠯᠡᠰ ᠤᠨ | ᠰᠠᠭᠤᠷᠢ ᠪᠣᠯᠣᠨ᠎ᠠ᠃ ᠬᠤᠷᠠᠭ᠎ᠠ ᠪᠤᠶᠢᠵᠢᠭᠤᠯᠬᠤ ᠳᠤ ᠪᠣᠳᠠᠲᠠᠢ ᠣᠷᠣᠰᠢᠵᠤ ᠪᠠᠶᠢᠭ᠎ᠠ ᠭᠤᠣᠯ ᠠᠰᠠᠭᠤᠳᠠᠯ ᠭᠡᠪᠡᠯ᠂ | ᠬᠥᠬᠦᠭᠦᠯᠬᠦ ᠬᠤᠭᠤᠴᠠᠭ᠎ᠠ ᠨᠢ 90 ᠡᠳᠦᠷ ᠪᠠᠶᠢᠳᠠᠭ ᠴᠦ ᠪᠤᠶᠢᠵᠢᠯᠳᠠ ᠶᠢᠨ ᠨᠣᠷᠮ᠎ᠠ ᠨᠢ 80% ᠬᠦᠷᠳᠡᠭ ᠦᠭᠡᠢ᠂ | ᠬᠦᠨᠳᠦ ᠶᠢᠨ ᠨᠡᠮᠡᠭᠳᠡᠯ ᠨᠢ ᠤᠳᠠᠭᠠᠨ᠂ ᠵᠠᠷᠤᠴᠠᠭᠤᠯᠤᠯᠳᠠ ᠶᠢᠨ ᠨᠣᠷᠮ᠎ᠠ ᠨᠢ ᠳᠣᠣᠷ᠎ᠠ ︵ᠶᠡᠷᠦ ᠳᠡᠭᠡᠨ 12 ᠰᠠᠷ᠎ᠠ | ᠬᠡᠷᠡᠭᠰᠡᠨ᠎ᠡ︶᠂ ᠴᠢᠨᠠᠷ ᠰᠠᠶᠢᠲᠠᠢ ᠪᠡᠯᠡᠳᠬᠡᠯ ᠬᠤᠨᠢᠨ ᠤ ᠢᠷᠡᠯᠲᠡ ᠨᠢ ᠬᠦᠷᠦᠯᠴᠡᠬᠦ ᠦᠭᠡᠢ ᠠᠴᠠ ᠪᠣᠯᠵᠤ᠂ ᠠᠵᠤ | ᠦᠢᠯᠡᠰ ᠤᠨ ᠬᠥᠭᠵᠢᠯᠲᠡ ᠳᠤ ᠪᠡᠯᠡᠳᠬᠡᠯ ᠬᠦᠴᠦᠨ ᠲᠤᠲᠠᠭᠳᠠᠵᠤ᠂ ᠵᠠᠬ᠎ᠠ ᠳᠡᠯᠭᠡᠭᠦᠷ ᠤᠨ ᠥᠷᠢᠰᠦᠯᠳᠦᠬᠦ ᠬᠦᠴᠦᠨ | ᠳᠣᠣᠷ᠎ᠠ᠂ ᠮᠠᠯᠴᠢᠨ ᠲᠠᠷᠢᠶᠠᠴᠢᠨ ᠤ ᠲᠡᠵᠢᠭᠡᠨ ᠦᠷᠡᠵᠢᠭᠦᠯᠬᠦ ᠦᠷ᠎ᠡ ᠠᠰᠢᠭ ᠳᠣᠣᠷ᠎ᠠ ᠪᠣᠯᠵᠤ᠂ ᠠᠵᠤ ᠦᠢᠯᠡᠰ ᠤᠨ | ᠡᠷᠡᠭᠦᠯ ᠢᠶᠠᠷ ᠬᠥᠭᠵᠢᠬᠦ ᠶᠢ ᠰᠢᠭᠤᠳ ᠨᠦᠯᠦᠭᠡᠯᠡᠳᠡᠭ᠃ ︽ᠬᠤᠷᠠᠭ᠎ᠠ ᠶᠢ ᠡᠬᠡ ᠠᠴᠠ ᠨᠢ ᠰᠠᠯᠭᠠᠭᠰᠠᠨ ᠡᠬᠢᠨ ᠤ | ᠬᠤᠭᠤᠴᠠᠭ᠎ᠠ ᠪᠠ ᠤᠭᠵᠢᠬᠤ ᠮᠡᠷᠭᠡᠵᠢᠯ︾ ᠢ 2000 ᠣᠨ ᠠᠴᠠ ᠡᠬᠢᠯᠡᠨ ᠰᠤᠳᠤᠯᠵᠤ᠂ ᠣᠳᠣᠬᠠᠨ ᠳᠤ ᠨᠢᠭᠡᠨᠲᠡ | ᠨᠢᠭᠡ ᠢᠵᠢ ᠬᠤᠷᠠᠭᠠᠨ ᠤ ᠰᠦ ᠶᠢ ᠤᠷᠤᠯᠠᠭᠤᠯᠬᠤ ᠦᠢᠯᠡᠳᠬᠦᠨ ᠢ ᠰᠤᠳᠤᠯᠤᠨ ᠨᠡᠭᠡᠭᠡᠬᠦ᠂ ᠲᠡᠵᠢᠭᠡᠬᠦ ᠳᠤ | ᠰᠠᠭᠤᠷᠢᠯᠠᠭᠰᠠᠨ ᠠᠩᠬᠠᠨ ᠤ ᠬᠤᠭᠤᠴᠠᠭᠠᠨ ᠤ ᠰᠦ ᠠᠴᠠ ᠨᠢ ᠰᠠᠯᠭᠠᠬᠤ ᠡᠷᠡᠭᠦᠯ ᠢᠶᠠᠷ ᠪᠤᠶᠢᠵᠢᠭᠤᠯᠬᠤ ᠮᠡᠷᠭᠡᠵᠢᠯ ᠤᠨ | ᠰᠢᠰᠲ᠋ᠧᠮ ᠢ ᠪᠠᠶᠢᠭᠤᠯᠵᠤ᠂ ᠲᠣᠰ ᠮᠡᠷᠭᠡᠵᠢᠯ ᠢ ᠪᠥᠬᠦ ᠤᠯᠤᠰ ᠲᠤ 10 ᠭᠠᠷᠤᠢ ᠵᠢᠯ ᠳᠡᠯᠭᠡᠷᠡᠭᠦᠯᠦᠨ ᠬᠡᠷᠡᠭᠯᠡᠭᠡᠳ | ᠬᠤᠨᠢ ᠲᠡᠵᠢᠭᠡᠬᠦ ᠡᠷᠦᠬᠡ ᠳᠤ ᠮᠡᠳᠡᠷᠡᠭᠳᠡᠵᠦ᠂ ᠬᠤᠷᠠᠭ᠎ᠠ ᠶᠢᠨ ᠪᠤᠶᠢᠵᠢᠯᠳᠠ ᠶᠢᠨ ᠨᠣᠷᠮ᠎ᠠ ᠶᠢ ᠳᠡᠭᠡᠭᠰᠢᠯᠡᠭᠦᠯᠬᠦ | ᠬᠠᠮᠤᠭ ᠤᠨ ᠲᠡᠷᠢᠭᠦᠨ ᠰᠤᠩᠭᠤᠯᠲᠠ ᠶᠢᠨ ᠮᠡᠷᠭᠡᠵᠢᠯ ᠪᠣᠯᠤᠭᠰᠠᠨ ᠪᠠᠶᠢᠨ᠎ᠠ᠃ ᠬᠤᠶᠠᠷ᠂ ᠮᠡᠷᠭᠡᠵᠢᠯ ᠤᠨ ᠭᠤᠣᠯᠳᠠᠯᠭ᠎ᠠ | ᠰᠦ ᠶᠢ ᠤᠷᠤᠯᠠᠭᠤᠯᠬᠤ ᠦᠢᠯᠡᠳᠬᠦᠨ ᠢᠶᠠᠷ ᠲᠡᠵᠢᠭᠡᠬᠦ ᠠᠷᠭ᠎ᠠ ᠪᠠ ᠡᠳᠦᠷ ᠤᠨ ᠪᠣᠷᠳᠤᠭ᠎ᠠ ᠶᠢ ᠨᠠᠶᠢᠷᠠᠭᠤᠯᠬᠤ ᠮᠡᠷᠭᠡᠵᠢᠯ | ᠃ ᠬᠤᠷᠠᠭ᠎ᠠ ᠲᠦᠯᠯᠡᠭᠰᠡᠨ ᠤ ᠳᠠᠷᠠᠭᠠᠬᠢ 1~7 ᠡᠳᠦᠷ ᠤᠨ ᠬᠤᠭᠤᠴᠠᠭᠠᠨ ᠳᠤ ᠡᠬᠡ ᠪᠠᠨ ᠬᠦᠬᠦᠵᠦ᠂ 7~14 | ᠡᠳᠦᠷ ᠤᠨ ᠬᠤᠭᠤᠴᠠᠭᠠᠨ ᠳᠤ ᠡᠬᠡ ᠶᠢᠨ ᠰᠦ ᠪᠠ ᠰᠦ ᠶᠢ ᠤᠷᠤᠯᠠᠭᠤᠯᠬᠤ ᠦᠢᠯᠡᠳᠬᠦᠨ ᠢᠶᠠᠷ ᠲᠡᠵᠢᠭᠡᠬᠦ | ᠰᠢᠯᠵᠢᠯᠲᠡ ᠶᠢᠨ ᠬᠤᠭᠤᠴᠠᠭ᠎ᠠ ᠶᠢ ᠦᠩᠭᠡᠷᠡᠭᠡᠨ᠂ 15 ᠡᠳᠦᠷ ᠤᠨ ᠬᠤᠭᠤᠴᠠᠭᠠᠨ ᠳᠤ ᠡᠬᠡ ᠶᠢᠨ ᠰᠦ ᠠᠴᠠ ᠨᠢ | ᠰᠠᠯᠭᠠᠵᠤ ᠰᠦ ᠶᠢ ᠤᠷᠤᠯᠠᠭᠤᠯᠬᠤ ᠦᠢᠯᠡᠳᠬᠦᠨ ᠢᠶᠠᠷ ᠲᠡᠵᠢᠭᠡᠵᠦ᠂ 20 ᠡᠳᠦᠷ ᠤᠨ ᠬᠤᠭᠤᠴᠠᠭᠠᠨ ᠳᠤ | ᠬᠤᠷᠠᠭᠠᠨ ᠤ ᠵᠠᠳᠠᠭᠠᠢ ᠪᠤᠷᠳᠤᠭ᠎ᠠ ᠶᠢ ᠳᠤᠷ᠎ᠠ ᠪᠠᠷ ᠨᠢ ᠢᠳᠡᠭᠦᠯᠦᠨ᠎ᠡ᠃ ᠪᠣᠳᠠᠲᠠᠢ ᠠᠷᠭ᠎ᠠ ᠨᠢ ᠳᠣᠣᠷᠠᠬᠢ ᠮᠡᠲᠦ᠄ | ᠰᠦ ᠶᠢ ᠤᠷᠤᠯᠠᠭᠤᠯᠬᠤ ᠲᠠᠯᠬ᠎ᠠ ᠢᠶᠠᠷ ᠲᠡᠵᠢᠭᠡᠬᠦ ᠠᠴᠠ ᠡᠮᠦᠨ᠎ᠡ ᠪᠤᠴᠠᠯᠤᠭᠰᠠᠨ ᠤ ᠳᠠᠷᠠᠭ᠎ᠠ ᠬᠥᠷᠥᠭᠡᠭᠡᠳ 50℃ | ᠪᠣᠯᠬᠤ ᠬᠠᠯᠠᠭᠤᠨ ᠤᠰᠤ ᠪᠠᠷ ᠰᠦᠨ ᠲᠠᠯᠬ᠎ᠠ᠄ ᠤᠰᠤ =1᠄ ︵5 ~ 7︶ ᠬᠠᠷᠢᠴᠠᠯ ᠢᠶᠠᠷ ᠳᠡᠪᠲᠦᠭᠡᠵᠦ᠂ | ᠳᠠᠬᠢᠨ ᠬᠥᠷᠥᠭᠡᠭᠡᠳ 40℃ ᠤᠷᠴᠢᠮ ᠪᠤᠯᠭᠠᠭᠠᠳ ᠲᠡᠵᠢᠭᠡᠨ᠎ᠡ᠃ ᠲᠡᠵᠢᠭᠡᠭᠰᠡᠨ ᠤ ᠳᠠᠷᠠᠭ᠎ᠠ ᠴᠡᠪᠡᠷ | ᠠᠯᠴᠢᠭᠤᠷ ᠢᠶᠠᠷ ᠬᠤᠷᠠᠭᠠᠨ ᠤ ᠵᠠᠪᠠᠵᠢ ᠳᠤ ᠨᠠᠭᠠᠯᠳᠤᠭᠰᠠᠨ ᠰᠦᠨ ᠰᠢᠩᠭᠡᠨ ᠢ ᠵᠦᠯᠭᠦᠵᠦ ᠴᠡᠪᠡᠷᠯᠡᠨ᠎ᠡ᠃ | ᠬᠤᠷᠠᠭᠠᠨ ᠤ ᠥᠰᠦᠯᠲᠡ ᠪᠤᠶᠢᠵᠢᠯᠲᠠ ᠶᠢᠨ ᠪᠠᠶᠢᠳᠠᠯ ᠢ ᠦᠨᠳᠦᠰᠦᠯᠡᠨ 60 ~ 90 ᠡᠳᠦᠷ ᠤᠨ ᠬᠤᠭᠤᠴᠠᠭᠠᠨ ᠳᠤ | ᠰᠦ ᠶᠢ ᠤᠷᠤᠯᠠᠭᠤᠯᠬᠤ ᠦᠢᠯᠡᠳᠬᠦᠨ ᠪᠤᠶᠤ ᠰᠢᠩᠭᠡᠨ ᠪᠡᠶᠡᠲᠦ ᠲᠡᠵᠢᠭᠡᠯ ᠢ ᠵᠣᠭᠰᠣᠭᠠᠵᠤ᠂ ︽ᠪᠡᠯᠴᠢᠭᠡᠷᠯᠡᠭᠦᠯᠬᠦ + | ᠲᠡᠵᠢᠭᠡᠯ ᠨᠥᠬᠦᠪᠦᠷᠢᠯᠡᠬᠦ︾ ᠲᠠᠷᠭᠤᠯᠠᠭᠤᠯᠬᠤ ᠬᠤᠭᠤᠴᠠᠭᠠᠨ ᠳᠤ ᠣᠷᠣᠭᠤᠯᠤᠨ᠎ᠠ᠂ ᠬᠤᠷᠠᠭᠠᠨ ᠤ ᠥᠰᠦᠯᠲᠡ | ᠪᠤᠶᠢᠵᠢᠯᠲᠠ ᠪᠣᠯᠣᠨ ᠪᠡᠶ᠎ᠡ ᠶᠢᠨ ᠬᠦᠨᠳᠦ ᠶᠢᠨ ᠬᠤᠪᠢᠷᠠᠯᠲᠠ ᠶᠢ ᠦᠨᠳᠦᠰᠦᠯᠡᠨ ᠲᠡᠵᠢᠭᠡᠯ ᠪᠤᠷᠳᠤᠭ᠎ᠠ ᠨᠦᠬᠦᠪᠦᠷᠢᠯᠡᠬᠦ | ᠬᠡᠮᠵᠢᠶ᠎ᠡ ᠪᠠᠨ ᠢᠳᠡᠭ ᠢᠳᠡᠭ ᠢᠶᠠᠷ ᠨᠡᠮᠡᠭᠳᠡᠭᠦᠯᠵᠦ᠂ 6 ᠰᠠᠷ᠎ᠠ ᠪᠤᠯᠤᠭᠰᠠᠨ ᠤ ᠳᠠᠷᠠᠭ᠎ᠠ ᠵᠠᠷᠤᠴᠠᠭᠤᠯᠤᠯᠳᠠ ᠳᠤ | ᠤᠷᠤᠭᠤᠯᠤᠨ᠎ᠠ᠃ ᠬᠤᠷᠠᠭᠠᠨ ᠤ ᠵᠠᠳᠠᠭᠠᠢ ᠪᠤᠷᠳᠤᠭᠠᠨ ᠤ ᠢᠳᠡᠰᠢᠨ ᠤ ᠨᠠᠶᠢᠷᠠᠯᠭ᠎ᠠ ᠨᠢ ᠡᠷᠳᠡᠨᠢ ᠰᠢᠰᠢ 70%᠂ | ᠰᠢᠬᠠᠳᠠᠰᠤ ᠶᠢᠨ ᠲᠦᠷᠦᠯ 20%᠂ ᠬᠡᠪᠡᠭ 5%᠂ ᠬᠤᠯᠢᠮᠠᠭ ᠰᠢᠭᠠᠷᠤ 3.5%᠂ ᠳᠠᠪᠤᠰᠤ 0.5%᠂ ᠸᠢᠲ᠋ᠠᠮᠢᠨ | ᠪᠣᠯᠣᠨ ᠪᠢᠴᠢᠯ ᠡᠯᠧᠮᠧᠨ᠋ᠲ ᠤᠨ ᠬᠤᠯᠢᠮᠠᠭ ᠲᠡᠵᠢᠭᠡᠯ ᠪᠣᠷᠳᠤᠭ᠎ᠠ 1%᠃ ᠬᠤᠨᠤᠭ ᠤᠨ ᠲᠡᠵᠢᠭᠡᠯ ᠤᠨ ᠨᠠᠶᠢᠷᠠᠯᠭ᠎ᠠ ᠶᠢ | ᠬᠤᠷᠠᠭᠠᠨ ᠤ ᠪᠡᠶ᠎ᠡ ᠶᠢᠨ ᠪᠠᠶᠢᠳᠠᠯ ᠢ ᠦᠨᠳᠦᠰᠦᠯᠡᠨ ᠲᠣᠬᠢᠷᠠᠭᠤᠯᠵᠤ᠂ ᠲᠦᠷᠭᠡᠨ ᠦᠰᠦᠯᠳᠡ ᠪᠠ ᠪᠤᠶᠢᠵᠢᠯᠳᠠ ᠶᠢᠨ | ᠱᠠᠭᠠᠷᠳᠠᠯᠭ᠎ᠠ ᠶᠢ ᠬᠠᠩᠭᠠᠨ᠎ᠠ᠃ | |