ᠴᠢᠬᠢ ᠴᠤᠭᠤᠯᠬᠤ ᠳᠠᠭᠠᠨ ᠡᠮᠨᠡᠯᠭᠡ ᠳᠤ ᠣᠴᠢᠪᠠᠯ ᠰᠠᠶᠢᠨ
ᠨᠡᠶᠢᠲᠡᠯᠡᠭᠰᠡᠨ ᠴᠠᠭ᠄
2024/4/11
   ᠴᠢᠬᠢ ᠪᠠᠨ ᠴᠤᠭᠤᠯᠬᠤ ᠨᠢ ᠣᠯᠠᠩᠬᠢ ᠡᠮᠡᠭᠲᠡᠶᠢᠴᠦᠳ ᠤᠨ ᠶᠡᠷᠦᠳᠡ ᠶᠢᠨ ᠠᠵᠢᠯᠯᠠᠭ᠎ᠠ ᠭᠡᠵᠦ ᠬᠡᠯᠡᠵᠦ ᠪᠣᠯᠣᠨ᠎ᠠ᠂ ᠵᠠᠷᠢᠮ ᠨᠢ ᠴᠢᠬᠢ ᠪᠠᠨ ᠪᠠᠶᠢᠨ ᠲᠠᠭᠢᠨ ᠴᠤᠭᠤᠯᠵᠤ᠂ ᠡᠯ᠎ᠡ ᠵᠦᠢᠯ ᠤᠨ ᠴᠠᠭ ᠤᠨ ᠥᠩᠭᠡ ᠶᠢ ᠳᠠᠭᠠᠬᠰᠠᠨ ᠡᠭᠡᠮᠦᠭ ᠵᠠᠰᠠᠯ ᠵᠡᠭᠦᠬᠦ ᠶᠢ ᠬᠦᠰᠡᠳᠡᠭ᠃ ᠭᠡᠪᠡᠴᠦ᠂ ᠴᠢᠬᠢ ᠴᠤᠭᠤᠯᠬᠤ ᠨᠢ ᠦᠵᠡᠬᠦ ᠳᠤ ᠭᠢᠯᠪᠠᠷ ᠪᠤᠯᠪᠠᠴᠤ ᠪᠠᠰᠠ ᠠᠶᠤᠯ ᠲᠦᠭᠰᠢᠭᠦᠷᠢ ᠨᠢᠭᠤᠭᠳᠠᠵᠤ ᠪᠠᠶᠢᠳᠠᠭ ᠠᠴᠠ ᠬᠠᠰᠢᠯᠠ ᠡᠮᠨᠡᠯᠭᠡ ᠳᠤ ᠣᠴᠢᠵᠤ ᠴᠤᠭᠤᠯᠤᠭᠤᠯᠬᠤ ᠨᠢ ᠬᠠᠮᠤᠭ ᠤᠨ ᠰᠠᠶᠢᠨ ᠭᠡᠵᠦ ᠡᠮᠴᠢ ᠠᠴᠠ ᠰᠠᠨᠠᠭᠤᠯᠵᠠᠢ᠃ ᠡᠮᠨᠡᠯᠭᠡ ᠳᠤ ᠣᠴᠢᠬᠤ ᠶᠢᠨ ᠤᠴᠢᠷ ᠴᠢᠬᠢ ᠪᠠᠨ ᠴᠤᠭᠤᠯᠵᠤ ᠨᠦᠬᠡᠯᠡᠬᠦ ᠨᠢ ᠨᠢᠭᠡ ᠵᠦᠢᠯ ᠤᠨ ᠪᠣᠯᠭᠤᠮᠵᠢᠲᠠᠢ ᠬᠠᠨᠳᠤᠬᠤ ᠴᠢᠬᠤᠯᠠᠲᠠᠢ ᠠᠵᠢᠯᠯᠠᠭ᠎ᠠ ᠮᠥᠨ᠂ ᠵᠢᠩᠬᠢᠨᠢ ᠡᠮᠴᠢᠯᠡᠭᠡᠨ ᠤ ᠪᠠᠶᠢᠭᠤᠯᠤᠮᠵᠢ ᠶᠢ ᠰᠣᠩᠭᠤᠬᠤ ᠶᠢᠨ ᠬᠠᠮᠤᠭ ᠤᠨ ᠶᠡᠭᠡ ᠳᠠᠪᠠᠭᠤᠯᠢᠭ ᠲᠠᠯ᠎ᠠ ᠪᠣᠯ ᠳᠠᠷᠤᠢ ᠠᠮᠤᠷ ᠲᠦᠪᠰᠢᠨ ᠢ ᠪᠠᠲᠤᠯᠠᠬᠤ ᠶᠠᠪᠤᠳᠠᠯ ᠪᠣᠯᠣᠨ᠎ᠠ᠃ ᠡᠮᠴᠢᠯᠡᠭᠡᠨ ᠤ ᠪᠠᠶᠢᠭᠤᠯᠤᠮᠵᠢ ᠨᠢ ᠲᠤᠰᠬᠠᠢ ᠮᠡᠷᠭᠡᠵᠢᠯ ᠤᠨ ᠲᠥᠬᠦᠭᠡᠷᠦᠮᠵᠢ ᠪᠠ ᠠᠷᠢᠭᠤᠳᠬᠠᠬᠤ ᠪᠠᠭᠠᠵᠢ ᠬᠡᠷᠡᠭᠰᠡᠯ ᠲᠠᠢ᠂ ᠴᠢᠬᠢ ᠪᠠᠨ ᠴᠤᠭᠤᠯᠬᠤ ᠠᠴᠠ ᠡᠮᠦᠨ᠎ᠡ᠂ ᠡᠮᠴᠢ ᠪᠠᠰᠠ ᠨᠠᠷᠢᠨ ᠨᠢᠭᠲᠠ ᠪᠠᠶᠢᠴᠠᠭᠠᠯᠲᠠ ᠬᠢᠵᠦ᠂ ᠴᠢᠬᠢᠨ ᠳᠤ ᠶᠠᠮᠠᠷ ᠴᠤ ᠬᠠᠯᠳᠠᠪᠤᠷᠢᠯᠠᠯ ᠦᠭᠡᠢ ᠪᠤᠶᠤ ᠪᠤᠰᠤᠳ ᠠᠰᠠᠭᠤᠳᠠᠯ ᠦᠭᠡᠢ ᠪᠠᠶᠢᠬᠤ ᠶᠢ ᠪᠠᠲᠤᠯᠠᠨ᠎ᠠ᠃ ᠴᠢᠬᠢ ᠪᠠᠨ ᠴᠤᠭᠤᠯᠤᠬᠰᠠᠨ ᠤ ᠳᠠᠷᠠᠭ᠎ᠠ ᠡᠮᠴᠢ ᠠᠴᠠ ᠪᠠᠰᠠ ᠠᠩᠬᠠᠷᠬᠤ ᠵᠦᠢᠯ ᠢ ᠲᠤᠰᠢᠶᠠᠵᠤ᠂ ᠳᠠᠪᠬᠤᠴᠠᠭᠰᠠᠨ ᠡᠪᠡᠳᠴᠢᠨ ᠤ ᠲᠦᠭᠰᠢᠭᠦᠷᠢ ᠶᠢ ᠪᠠᠭᠠᠰᠬᠠᠳᠠᠭ᠃ ᠡᠮᠨᠡᠯᠭᠡ ᠠᠴᠠ ᠪᠤᠰᠤᠳ ᠵᠠᠷᠢᠮ ᠭᠠᠵᠠᠷ ᠨᠢ ᠶᠡᠷᠦ ᠳᠡᠭᠡᠨ ᠲᠤᠰᠬᠠᠢ ᠮᠡᠷᠭᠡᠵᠢᠯ ᠤᠨ ᠪᠣᠯᠪᠠᠰᠤᠷᠠᠯ ᠭᠥᠷᠳᠡᠭᠰᠡᠨ ᠡᠮᠴᠢ ᠪᠠᠶᠢᠬᠤ ᠦᠭᠡᠢ᠂ ᠪᠠᠰᠠ ᠲᠣᠬᠢᠷᠠᠮᠵᠢᠲᠠᠢ ᠲᠥᠬᠦᠭᠡᠷᠦᠮᠵᠢ ᠪᠠ ᠠᠷᠢᠭᠤᠳᠬᠠᠬᠤ ᠠᠷᠭ᠎ᠠ ᠬᠡᠮᠵᠢᠶ᠎ᠡ ᠪᠠᠶᠢᠬᠤ ᠦᠭᠡᠢ ᠤᠴᠢᠷ ᠠᠴᠠ ᠬᠠᠯᠳᠠᠪᠤᠷᠢᠯᠠᠯ᠂ ᠡᠪᠡᠷᠰᠢᠶᠡᠯ ᠪᠠ ᠪᠤᠰᠤᠳ ᠳᠠᠪᠬᠤᠴᠠᠭᠰᠠᠨ ᠡᠪᠡᠳᠴᠢᠨ ᠢ ᠡᠭᠦᠰᠬᠡᠵᠦ ᠮᠡᠳᠡᠨ᠎ᠡ᠃ ᠡᠭᠦᠨ ᠠᠴᠠ ᠭᠠᠳᠠᠨ᠎ᠠ᠂ ᠡᠲᠡᠭᠡᠷ ᠭᠠᠵᠠᠷ ᠤᠨ ᠬᠢᠬᠦ ᠠᠷᠭ᠎ᠠ ᠨᠢ ᠲᠡᠶᠢᠮᠦ ᠣᠨᠣᠪᠴᠢᠲᠠᠶ ᠪᠢᠰᠢ ᠪᠠᠶᠢᠵᠤ᠂ ᠨᠦᠬᠡᠯᠡᠭᠰᠡᠨ ᠣᠷᠣᠨ ᠪᠠᠶᠢᠷᠢ ᠨᠢ ᠵᠣᠬᠢᠰ ᠦᠭᠡᠢ ᠪᠤᠶᠤ ᠲᠡᠭᠰᠢ ᠦᠭᠡᠢ ᠠᠴᠠ ᠪᠣᠯᠵᠤ᠂ ᠭᠤᠸ᠎ᠠ ᠰᠠᠶᠢᠬᠠᠨ ᠢ ᠨᠥᠯᠥᠭᠡᠯᠡᠵᠦ ᠮᠡᠳᠡᠨ᠎ᠡ᠃ ᠴᠢᠬᠢ ᠴᠤᠭᠤᠯᠬᠤ ᠳᠤ ᠪᠠᠰᠠ ᠨᠢᠭᠡ ᠠᠶᠤᠯ ᠲᠠᠢ ᠡᠩ ᠤᠨ ᠠᠶᠤᠯ ᠲᠦᠭᠰᠢᠭᠦᠷᠢ ᠠᠴᠠ ᠭᠠᠳᠠᠨ᠎ᠠ᠂ ᠴᠢᠬᠢ ᠴᠤᠭᠤᠯᠬᠤ ᠳᠤ ᠪᠠᠰᠠ ᠨᠢᠭᠡ ᠣᠨᠴᠠᠭᠠᠶ ᠠᠶᠤᠯ ᠲᠦᠭᠰᠢᠭᠦᠷᠢ ᠪᠠᠶᠢᠳᠠᠭ ᠨᠢ ᠳᠠᠷᠤᠢ ᠰᠣᠷᠪᠢᠲᠤ ᠪᠠᠳᠬ᠎ᠠ ᠭᠠᠷᠬᠤ ᠶᠠᠪᠤᠳᠠᠯ ᠪᠣᠯᠣᠨ᠎ᠠ᠃ ᠰᠣᠷᠪᠢᠲᠤ ᠪᠠᠳᠬ᠎ᠠ ᠭᠡᠳᠡᠭ  ᠨᠢ ᠰᠢᠷᠬᠠᠨ ᠤ ᠡᠳᠡᠭᠡᠷᠡᠬᠦ ᠶᠠᠪᠤᠴᠠ ᠳᠤ ᠭᠡᠳᠦ ᠠᠷᠪᠢᠨ ᠴᠠᠪᠠᠤᠯᠢᠭ ᠤᠭᠤᠷᠠᠭ ᠡᠭᠦᠰᠴᠦ᠂ ᠬᠠᠮᠤᠭ ᠤᠨ ᠰᠡᠭᠦᠯ ᠳᠤ ᠠᠷᠠᠰᠤ ᠭᠦᠳᠦ᠋ᠢᠵᠦ ᠭᠠᠷᠬᠤ᠂ ᠭᠡᠯᠪᠡᠷᠢ ᠳᠦᠷᠰᠦ ᠨᠢ ᠠᠳᠠᠯᠢ ᠦᠭᠡᠢ᠂ ᠥᠩᠭᠡ ᠨᠢ ᠤᠯᠠᠭᠠᠨ ᠡᠳ᠋ ᠨᠢ ᠬᠠᠲᠠᠭᠤ ᠬᠤᠣᠷ ᠦᠭᠡᠢ ᠬᠠᠪᠤᠳᠠᠷ ᠪᠠᠳᠬ᠎ᠠ ᠭᠠᠷᠬᠤ ᠶᠢ ᠵᠢᠭᠠᠵᠤ ᠪᠤᠢ᠃ ᠡᠶᠢᠮᠦᠷᠬᠦᠦ ᠪᠠᠶᠢᠳᠠᠯ ᠨᠢ ᠴᠢᠬᠢ ᠪᠠᠨ ᠴᠤᠭᠤᠯᠬᠤ ᠳᠤ ᠦᠷᠭᠦᠯᠵᠢ ᠲᠣᠬᠢᠶᠠᠯᠳᠤᠵᠤ᠂ ᠢᠯᠠᠩᠭᠤᠶ᠎ᠠ ᠰᠢᠷᠬᠠᠨ ᠤ ᠡᠳᠡᠭᠡᠷᠡᠯᠲᠡ ᠮᠠᠭᠤ ᠪᠤᠶᠤ ᠬᠠᠯᠳᠠᠪᠤᠷᠢᠯᠠᠯ ᠡᠭᠦᠰᠬᠦ ᠦᠶ᠎ᠡ ᠳᠤ ᠨᠡᠩ ᠣᠯᠠᠨ ᠲᠣᠬᠢᠶᠠᠯᠳᠤᠨ᠎ᠠ᠃ ᠰᠣᠷᠪᠢᠲᠤ ᠪᠠᠳᠬ᠎ᠠ ᠭᠠᠷᠪᠠᠯ ᠶᠠᠭᠠᠬᠢᠬᠤ ᠪᠤᠢ︖ ᠵᠢᠩᠬᠢᠨᠢ ᠡᠮᠴᠢᠯᠡᠭᠡᠨ ᠤ ᠪᠠᠶᠢᠭᠤᠯᠤᠮᠵᠢ ᠶᠢᠨ ᠭᠤᠸ᠎ᠠ ᠰᠠᠶᠢᠬᠠᠨ ᠤ ᠮᠡᠰᠡ ᠵᠠᠰᠠᠯ ᠤᠨ ᠡᠮᠴᠢ ᠮᠡᠰᠡ ᠵᠠᠰᠠᠯ ᠢᠶᠠᠷ ᠳᠠᠮᠵᠢᠨ ᠰᠣᠷᠪᠢᠲᠤ ᠪᠠᠳᠬ᠎ᠠ ᠶᠢ ᠣᠭᠲᠣᠯᠵᠤ ᠠᠪᠬᠤ ᠪᠤᠶᠤ ᠵᠠᠰᠠᠵᠤ ᠪᠣᠯᠣᠨ᠎ᠠ᠃ ᠮᠡᠰᠡ ᠵᠠᠰᠠᠯ ᠨᠢ ᠶᠡᠷᠦ ᠳᠡᠭᠡᠨ ᠬᠡᠰᠡᠭ ᠤᠨ ᠮᠢᠨᠴᠦᠭᠦᠷᠡᠯᠲᠡ ᠳᠣᠣᠷ᠎ᠠ ᠶᠠᠪᠤᠭᠳᠠᠵᠤ᠂ ᠶᠠᠪᠤᠴᠠ ᠨᠢ ᠬᠠᠷᠢᠴᠠᠩᠭᠤᠢ ᠪᠠᠷ ᠲᠦᠷᠭᠡᠨ ᠮᠥᠷᠲᠡᠭᠡᠨ ᠠᠶᠤᠯ ᠦᠭᠡᠢ ᠪᠠᠶᠢᠳᠠᠭ᠃ ᠭᠡᠪᠡᠴᠦ ᠮᠡᠰᠡ ᠵᠠᠰᠠᠯ ᠬᠢᠭᠰᠡᠨ ᠤ ᠳᠠᠷᠠᠭ᠎ᠠ ᠪᠠᠰᠠ ᠬᠡᠰᠡᠭ ᠬᠤᠭᠤᠴᠠᠭᠠᠨ ᠤ ᠰᠡᠷᠭᠦᠭᠡᠯᠲᠡ᠂ ᠰᠤᠪᠢᠯᠠᠯᠲᠠ ᠵᠢᠴᠢ ᠤᠯᠠᠮ ᠨᠢᠭᠡ ᠠᠯᠬᠤᠮ ᠤᠨ ᠡᠮᠴᠢᠯᠡᠭᠡ ᠬᠢᠵᠦ᠂ ᠰᠢᠷᠬᠠᠨ ᠤ ᠡᠷᠡᠭᠦᠯ ᠢᠶᠠᠷ ᠡᠳᠡᠭᠡᠷᠡᠬᠦ ᠶᠢ ᠪᠠᠲᠤᠯᠠᠬᠤ ᠪᠠ ᠰᠣᠷᠪᠢ ᠳᠠᠭᠢᠨ ᠬᠥᠳᠡᠯᠬᠦ ᠶᠢ ᠤᠷᠢᠳᠴᠢᠯᠠᠨ ᠰᠡᠷᠭᠡᠶᠢᠯᠡᠨ᠎ᠡ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号