ᠣᠯᠠᠩᠬᠢ ᠡᠪᠡᠳᠴᠢᠨ ᠡᠭᠦᠨ ᠠᠴᠠ ᠪᠣᠯᠵᠤ ᠡᠭᠦᠰᠳᠡᠭ ᠤᠳᠤ ᠦᠶ᠎ᠡ ᠶᠢᠨ ᠠᠮᠢᠳᠤᠷᠠᠯ ᠨᠢ ᠳᠠᠷᠤᠯᠲᠠ ᠶᠡᠬᠡᠲᠡᠢ | ᠪᠠᠶᠢᠳᠠᠭ᠃ ᠠᠵᠢᠯ᠂ ᠭᠡᠷ ᠪᠦᠯᠢ᠂ ᠦᠷ᠎ᠡ ᠬᠡᠦᠬᠡᠳ᠂ ᠭᠡᠷ ᠪᠠᠶᠢᠰᠢᠩ᠂ ᠲᠡᠷᠭᠡ ᠮᠠᠰᠢᠨ ᠁ ᠭᠡᠳ ᠬᠥᠮᠥᠰ ᠤᠨ | ᠪᠡᠶ᠎ᠡ ᠰᠡᠳᠬᠢᠯ ᠢ ᠲᠦᠢᠯ ᠢᠶᠠᠷ ᠵᠦᠳᠡᠭᠡᠵᠦ ᠪᠠᠶᠢᠳᠠᠭ᠃ ᠵᠣᠬᠢᠬᠤ ᠬᠡᠮᠵᠢᠶᠡᠨ ᠤ ᠳᠠᠷᠤᠯᠲᠠ ᠨᠢ ᠬᠥᠮᠥᠰ ᠤᠨ | ᠠᠮᠢᠳᠤᠷᠠᠯ ᠠᠵᠢᠯ ᠦᠢᠯᠡᠰ ᠢ ᠨᠡᠩ ᠢᠯᠡᠭᠦᠦ ᠬᠥᠳᠡᠯᠭᠡᠬᠦ ᠬᠦᠴᠦᠨ ᠲᠠᠢ ᠪᠣᠯᠭᠠᠵᠤ ᠪᠣᠯᠣᠨ᠎ᠠ᠂ ᠭᠡᠪᠡᠴᠦ ᠳᠠᠷᠤᠯᠲᠠ | ᠬᠡᠲᠦᠷᠬᠡᠢ ᠶᠡᠭᠡ ᠪᠣᠯᠪᠠᠯ ᠣᠯᠵᠠ ᠨᠢ ᠭᠠᠷᠤᠵᠠ ᠳᠠᠭᠠᠨ ᠬᠦᠷᠬᠦ ᠦᠭᠡᠢ ᠪᠣᠯᠣᠨ᠎ᠠ᠃ ᠨᠠᠢᠮᠠᠨ ᠬᠤᠪᠢ ᠶᠢᠨ | ᠡᠪᠡᠳᠴᠢᠨ ᠨᠢ ᠳᠠᠷᠤᠯᠲᠠ ᠠᠴᠠ ᠢᠷᠡᠯᠲᠡ ᠲᠠᠢ᠃ ᠡᠨᠡ ᠪᠣᠯ ᠠᠮᠧᠷᠢᠺᠠ ᠶᠢᠨ ᠰᠡᠳᠬᠢᠯ ᠵᠦᠢ ᠶᠢᠨ ᠤᠬᠠᠭᠠᠨᠲᠠᠨ | 2005 ᠣᠨ ᠳᠤ ᠣᠷᠴᠢᠮ ᠤᠨ 20 ᠵᠢᠯ ᠳᠤ ᠨᠡᠶᠢᠲᠡᠯᠡᠭᠰᠡᠨ ᠰᠤᠳᠤᠯᠭᠠᠨ ᠤ ᠦᠷ᠎ᠡ ᠪᠦᠲᠦᠭᠡᠯ ᠢ ᠮᠥᠷᠳᠡᠨ | ᠪᠠᠶᠢᠴᠠᠭᠠᠭᠰᠠᠨ ᠤ ᠳᠠᠷᠠᠭ᠎ᠠ ᠣᠯᠣᠭᠰᠠᠨ ᠳ᠋ᠦᠩᠨᠡᠯᠲᠡ ᠪᠣᠯᠣᠨ᠎ᠠ᠃ ᠡᠭᠦᠨ ᠠᠴᠠ ᠭᠠᠳᠠᠨ᠎ᠠ᠂ ᠠᠮᠧᠷᠢᠺᠠ ᠶᠢᠨ | ᠳᠠᠷᠤᠯᠲᠠ ᠶᠢᠨ ᠬᠠᠮᠢᠶᠠᠷᠤᠯᠲᠠ ᠶᠢᠨ ᠨᠡᠶᠢᠭᠡᠮᠯᠢᠭ ᠠᠴᠠ ᠪᠠᠰᠠ 75% ~ 90% ᠶᠢᠨ ᠡᠬᠢᠨ ᠤ ᠬᠤᠭᠤᠴᠠᠭᠠᠨ ᠤ | ᠳᠣᠲᠣᠷ ᠰᠠᠯᠠᠭᠠᠨ ᠤ ᠡᠪᠡᠳᠴᠢᠨ ᠪᠣᠯ ᠳᠠᠷᠤᠯᠲᠠ ᠠᠴᠠ ᠪᠣᠯᠤᠭᠰᠠᠨ ᠶᠤᠮ ᠭᠡᠵᠦ ᠵᠢᠭᠠᠵᠤ ᠭᠠᠷᠭᠠᠵᠠᠢ᠃ | ᠥᠭᠡᠷ᠎ᠡ ᠪᠠᠷ ᠬᠡᠯᠡᠪᠡᠯ᠂ ᠳᠣᠲᠣᠷ ᠰᠠᠯᠠᠭᠠᠨ ᠤ ᠡᠪᠡᠳᠴᠢᠲᠡᠨ ᠤ ᠳᠣᠲᠣᠷᠠᠬᠢ ᠲᠤᠯᠤᠭᠠᠨ ᠬᠤᠪᠢ ᠠᠴᠠ ᠶᠢᠰᠦᠨ | ᠬᠤᠪᠢ ᠨᠢ ᠭᠤᠣᠯᠳᠠᠭᠤ ᠳᠠᠷᠤᠯᠲᠠ ᠠᠴᠠ ᠪᠣᠯᠵᠤ ᠡᠯ᠎ᠡ ᠵᠦᠢᠯ ᠤᠨ ᠪᠡᠶ᠎ᠡ ᠮᠠᠬᠠᠪᠤᠳ ᠤᠨ ᠡᠪᠡᠳᠴᠢᠨ ᠳᠤ | ᠨᠡᠷᠪᠡᠭᠳᠡᠳᠡᠭ ᠪᠠᠶᠢᠨ᠎ᠠ᠃ ᠡᠳᠡᠭᠡᠷ ᠡᠪᠡᠳᠴᠢᠨ ᠤ ᠣᠯᠠᠩᠬᠢ ᠨᠢ ᠳᠠᠷᠤᠯᠲᠠ ᠬᠡᠲᠦᠷᠬᠡᠢ ᠶᠡᠭᠡ ᠲᠠᠢ ᠬᠤᠯᠪᠤᠭ᠎ᠠ ᠲᠠᠢ᠃ | ᠬᠤᠳᠣᠭᠤᠳᠤ ᠡᠪᠡᠳᠬᠦ᠂ ᠬᠤᠳᠣᠭᠤᠳᠤ ᠴᠢᠨᠦᠷᠡᠬᠦ᠂ ᠴᠢᠨᠠᠭᠰᠢᠯᠠᠪᠠᠯ ᠬᠤᠳᠣᠭᠤᠳᠤᠨ ᠤ ᠰᠢᠷᠬᠠᠯᠠᠭ᠎ᠠ᠂ ᠨᠤᠭᠤᠯᠤᠭᠤᠷ | ᠭᠡᠳᠡᠰᠦᠨ ᠤ ᠰᠢᠷᠬᠠᠯᠠᠭ᠎ᠠ ᠵᠡᠷᠭᠡ ᠰᠢᠩᠭᠡᠭᠡᠯᠲᠡ ᠶᠢᠨ ᠰᠢᠰᠲ᠋ᠧᠮ ᠤᠨ ᠡᠪᠡᠳᠴᠢᠨ᠂ ᠲᠠᠷᠢᠬᠢ ᠵᠢᠷᠦᠬᠡᠨ ᠰᠤᠳᠠᠯ ᠤᠨ | ᠡᠪᠡᠳᠴᠢᠨ᠂ ᠬᠥᠬᠦᠨ ᠪᠤᠯᠴᠢᠷᠬᠠᠢ ᠶᠢᠨ ᠡᠪᠡᠳᠴᠢᠨ᠂ ᠰᠢᠬᠢᠷ ᠰᠢᠵᠢᠩ ᠡᠪᠡᠳᠴᠢᠨ᠂ ᠪᠠᠮᠪᠠᠢ ᠪᠤᠯᠴᠢᠷᠬᠠᠢ ᠶᠢᠨ | ᠡᠪᠡᠳᠴᠢᠨ᠂ ᠵᠢᠷᠮᠦᠰᠦᠯᠡᠬᠦ ᠦᠭᠡᠢ ᠡᠪᠡᠳᠴᠢᠨ᠂ ᠬᠤᠣᠷᠲᠤ ᠬᠠᠪᠤᠳᠠᠷ᠂ ᠭᠠᠩᠰᠠᠷᠠᠯ ᠤᠨ ᠭᠡᠮ᠂ ᠶᠠᠰᠤᠨ ᠤ ᠡᠳ᠋ | ᠠᠯᠳᠠᠭᠳᠠᠬᠤ᠂ ᠨᠦᠢᠷ ᠬᠤᠯᠵᠢᠬᠤ ᠵᠡᠷᠭᠡ ᠡᠪᠡᠳᠴᠢᠨ ᠨᠢ ᠪᠠᠷᠤᠭ ᠪᠦᠷ ᠳᠠᠷᠤᠯᠲᠠ ᠠᠴᠠ ᠪᠣᠯᠤᠭᠰᠠᠨ ᠶᠤᠮ ᠪᠠᠶᠢᠨ᠎ᠠ᠃ | ᠰᠤᠳᠤᠯᠭᠠᠨ ᠠᠴᠠ ᠦᠵᠡᠪᠡᠯ᠂ ᠨᠠᠮ ᠲᠣᠭᠲᠠᠭᠤᠨ ᠰᠠᠭᠤᠬᠤ᠂ ᠬᠥᠳᠡᠯᠭᠡᠭᠡᠨ ᠬᠢᠬᠦ᠂ ᠳᠠᠭᠤᠤ ᠬᠥᠭᠵᠢᠮ ᠰᠣᠨᠣᠰᠬᠤ | ᠂ ᠠᠩᠬᠠᠷᠤᠯ ᠢᠶᠠᠨ ᠰᠢᠯᠵᠢᠭᠦᠯᠬᠦ ᠵᠡᠷᠭᠡ ᠨᠢ ᠳᠠᠷᠤᠯᠲᠠ ᠶᠢ ᠪᠠᠭᠠᠰᠬᠠᠬᠤ ᠳᠤ ᠮᠠᠰᠢ ᠲᠤᠰᠠ ᠲᠠᠢ ᠪᠠᠶᠢᠳᠠᠭ᠃ | |