ᠨᠠᠮᠤᠷ ᠤᠨ ᠤᠯᠠᠷᠢᠯ ᠳᠤ ᠬᠡᠦᠬᠡᠳ ᠤᠨ ᠬᠦᠷᠳᠦᠯᠢᠭ ᠸᠢᠷᠦ᠋ᠰ ᠤᠨ ᠬᠠᠯᠳᠠᠪᠤᠷᠢᠯᠠᠯ ᠠᠴᠠ ᠬᠢᠴᠢᠶᠡᠶ᠎ᠡ
ᠨᠡᠶᠢᠲᠡᠯᠡᠭᠰᠡᠨ ᠴᠠᠭ᠄
2024/4/10
    ᠨᠠᠮᠤᠷ ᠤᠨ ᠤᠯᠠᠷᠢᠯ ᠳᠤ ᠬᠡᠦᠬᠡᠳ ᠤᠨ ᠬᠦᠷᠳᠦᠯᠢᠭ ᠸᠢᠷᠦ᠋ᠰ ᠤᠨ ᠬᠠᠯᠳᠠᠪᠤᠷᠢᠯᠠᠯ ᠠᠴᠠ ᠬᠢᠴᠢᠶᠡᠶ᠎ᠡ ᠨᠠᠮᠤᠷ ᠪᠣᠯᠪᠠᠯ᠂ ᠵᠠᠷᠢᠮ ᠬᠡᠦᠬᠡᠳ ᠤᠳ ᠪᠥᠭᠡᠯᠵᠢᠬᠦ᠂ ᠰᠠᠭᠤᠯᠭᠠᠬᠤ ᠪᠠᠶᠢᠳᠠᠯ ᠣᠯᠠᠰᠢᠷᠠᠳᠠᠭ᠂ ᠡᠨᠡ ᠨᠢ ᠬᠡᠦᠬᠡᠳ ᠬᠦᠷᠳᠦᠯᠢᠭ ᠸᠢᠷᠦ᠋ᠰ ᠤᠨ ᠲᠦᠷᠭᠡᠨ ᠴᠢᠨᠠᠷᠲᠠᠢ ᠬᠤᠳᠣᠭᠤᠳᠤ ᠭᠡᠳᠡᠰᠦᠨ ᠤ ᠦᠷᠪᠢᠰᠦᠯ ᠳᠤ ᠬᠠᠯᠳᠠᠪᠤᠷᠢᠯᠠᠭᠳᠠᠭᠰᠠᠨ ᠪᠠᠶᠢᠵᠤ ᠮᠡᠳᠡᠨ᠎ᠡ᠃ ᠤᠯᠤᠰ ᠤᠨ ᠡᠪᠡᠳᠴᠢᠨ ᠡᠮᠭᠡᠭ ᠢ ᠰᠡᠷᠭᠡᠶᠢᠯᠡᠨ ᠬᠢᠵᠠᠭᠠᠷᠯᠠᠬᠤ ᠲᠣᠪᠴᠢᠶ᠎ᠠ ᠣᠶᠢᠷ᠎ᠠ ᠳᠤ ᠡᠷᠡᠭᠦᠯ ᠮᠡᠨᠲᠦ ᠶᠢᠨ ᠰᠠᠨᠠᠭᠤᠯᠤᠮᠵᠢ ᠨᠡᠶᠢᠲᠡᠯᠡᠵᠦ᠂ ᠬᠡᠦᠬᠡᠳ ᠪᠣᠯᠣᠨ ᠬᠡᠦᠬᠡᠳ ᠠᠰᠠᠷᠠᠭᠴᠢ ᠶᠢ ᠡᠷᠡᠭᠦᠯ ᠬᠠᠮᠠᠭᠠᠯᠠᠯ ᠤᠨ ᠰᠠᠶᠢᠨ ᠳᠠᠳᠬᠠᠯ ᠲᠠᠢ ᠪᠠᠶᠢᠬᠤ᠂ ᠢᠯᠠᠩᠭᠤᠶ᠎ᠠ ᠭᠠᠷ ᠤᠨ ᠠᠷᠢᠭᠤᠨ ᠴᠡᠪᠡᠷ ᠢ ᠠᠩᠬᠠᠷᠬᠤ᠂ ᠪᠣᠬᠢᠷ ᠭᠠᠷ ᠢᠶᠠᠷ ᠢᠶᠠᠨ ᠠᠮᠠ᠂ ᠨᠢᠳᠦ᠂ ᠬᠠᠮᠠᠷ ᠪᠠ ᠢᠳᠡᠭᠡᠨ ᠵᠡᠷᠭᠡ ᠳᠤ ᠬᠦᠷᠬᠦ ᠦᠭᠡᠢ᠂ ᠬᠡᠦᠬᠡᠳ ᠢ ᠪᠣᠬᠢᠷ ᠭᠠᠷ ᠢᠶᠠᠷ ᠢᠳᠡᠭᠦᠯᠬᠦ ᠦᠭᠡᠢ᠂ ᠬᠡᠦᠬᠡᠳ ᠤᠨ ᠭᠠᠷ ᠢ ᠴᠠᠭ ᠲᠤᠬᠠᠢ ᠳᠤᠨᠢ ᠠᠷᠢᠭᠤᠳᠬᠠᠵᠤ᠂ ᠨᠠᠮᠤᠷ ᠤᠨ ᠤᠯᠠᠷᠢᠯ ᠤᠨ ᠬᠡᠦᠬᠡᠳ ᠤᠨ ᠬᠦᠷᠳᠦᠯᠢᠭ ᠸᠢᠷᠦ᠋ᠰ ᠤᠨ ᠬᠠᠯᠳᠠᠪᠤᠷᠢᠯᠠᠯ ᠠᠴᠠ ᠰᠡᠷᠭᠡᠶᠢᠯᠡᠬᠦ ᠬᠡᠷᠡᠭᠲᠡᠢ ᠭᠡᠵᠦ ᠰᠠᠨᠠᠭᠤᠯᠤᠭᠰᠠᠨ ᠪᠠᠶᠢᠨ᠎ᠠ᠃ ᠡᠷᠡᠭᠦᠯ ᠮᠠᠨᠲᠦ ᠶᠢᠨ ᠰᠠᠨᠠᠭᠤᠯᠤᠮᠵᠢ ᠶᠢ ᠦᠨᠳᠦᠰᠦᠯᠡᠪᠡᠯ᠂ ᠬᠦᠷᠳᠦᠯᠢᠭ ᠸᠢᠷᠦ᠋ᠰ ᠤᠨ ᠲᠦᠷᠭᠡᠨ ᠴᠢᠨᠠᠷᠲᠠᠢ ᠬᠤᠳᠣᠭᠤᠳᠤ ᠭᠡᠳᠡᠰᠦᠨ ᠤ ᠦᠷᠪᠢᠰᠦᠯ ᠢ ᠶᠡᠷᠦ ᠳᠡᠭᠡᠨ ︽ᠬᠦᠷᠳᠦᠯᠢᠭ ᠸᠢᠷᠦ᠋ᠰ ᠤᠨ ᠬᠠᠯᠳᠠᠪᠤᠷᠢᠯᠠᠯ ᠢᠶᠠᠷ ᠰᠠᠭᠤᠯᠭᠠᠬᠤ︾ ᠪᠤᠶᠤ ︽ᠨᠠᠮᠤᠷ ᠤᠨ ᠤᠯᠠᠷᠢᠯ ᠳᠤ ᠰᠠᠭᠤᠯᠭᠠᠬᠤ︾ ᠭᠡᠳᠡᠭ᠃ ᠨᠠᠮᠤᠷ ᠡᠪᠦᠯ ᠤᠨ ᠤᠯᠠᠷᠢᠯ ᠳᠤ᠂ ᠲᠡᠭᠦᠨ ᠤ ︽ᠳᠠᠭᠠᠷᠢᠯᠲᠠ︾᠎ ᠨᠢ ᠨᠡᠩ ᠰᠢᠷᠦᠭᠦᠨ ᠪᠠᠶᠢᠳᠠᠭ᠃ ᠡᠮᠴᠢᠯᠡᠭᠡᠨ ᠤ ᠰᠢᠨᠵᠢ ᠲᠡᠮᠳᠡᠭ ᠠᠴᠠ ᠦᠵᠡᠪᠡᠯ᠂ ᠬᠡᠦᠬᠡᠳ ᠬᠠᠮᠤᠭ ᠠᠩᠬᠠᠨ ᠳᠠᠭᠠᠨ ᠪᠥᠭᠡᠯᠵᠢᠵᠦ᠂ ᠰᠡᠭᠦᠯᠡᠷ ᠨᠢ ᠠᠳᠠᠯᠢ ᠪᠤᠰᠤ ᠬᠡᠮᠵᠢᠶ᠎ᠡ ᠪᠠᠷ ᠰᠠᠭᠤᠯᠭᠠᠵᠤ᠂ ᠣᠯᠠᠩᠬᠢ ᠨᠢ ᠬᠠᠯᠠᠭᠤᠷᠠᠵᠤ᠂ ᠬᠦᠨᠳᠦ ᠨᠣᠴᠢᠲᠠᠢ ᠦᠶ᠎ᠡ ᠳᠤ ᠪᠠᠭᠠᠰᠤ ᠨᠢ ᠠᠷᠪᠢᠨ᠂ ᠤᠰᠤ ᠨᠢ ᠶᠡᠭᠡ᠂ ᠤᠳᠠᠭ᠎ᠠ ᠨᠢ ᠠᠷᠪᠢᠨ᠂ ᠰᠢᠭᠡᠬᠦ ᠬᠡᠮᠵᠢᠶ᠎ᠡ ᠨᠢ ᠪᠠᠭ᠎ᠠ ᠵᠡᠷᠭᠡ ᠡᠮᠴᠢᠯᠡᠭᠡᠨ ᠤ ᠰᠢᠨᠵᠢ ᠲᠡᠮᠳᠡᠭ ᠢᠯᠡᠷᠡᠨ᠎ᠡ᠃ ᠹᠦᠳᠡᠨ ᠶᠡᠭᠡ ᠰᠤᠷᠭᠠᠭᠤᠯᠢ ᠶᠢᠨ ᠬᠠᠷᠢᠶᠠᠲᠤ ᠬᠡᠦᠬᠡᠳ ᠤᠨ ᠰᠠᠯᠠᠭᠠᠨ ᠤ ᠡᠮᠨᠡᠯᠭᠡ ᠶᠢᠨ ᠬᠤᠷᠢᠶᠠᠨ ᠤ ᠡᠮᠴᠢᠯᠡᠭᠡᠨ ᠤ ᠡᠬᠡᠯᠢᠯᠡᠭᠡ ᠶᠢᠨ ᠰᠠᠯᠠᠭᠠᠨ ᠤ ᠡᠷᠬᠢᠯᠡᠭᠴᠢ ᠸᠠᠩ ᠰᠢᠶᠣᠣ ᠴᠤᠸᠠᠨ ᠢᠯᠡᠷᠬᠡᠶᠢᠯᠡᠬᠦ ᠳᠡᠭᠡᠨ᠂ ᠬᠦᠷᠳᠦᠯᠢᠭ ᠸᠢᠷᠦ᠋ᠰ ᠤᠨ ᠬᠠᠯᠳᠠᠪᠤᠷᠢᠯᠠᠯ ᠳᠤ ᠴᠢᠭᠯᠡᠭᠦᠯᠦᠨ᠂ ᠣᠳᠣᠬᠠᠨ ᠳᠤ ᠣᠨᠴᠠ ᠲᠤᠰᠠᠲᠠᠢ ᠡᠮ ᠲᠠᠩ ᠬᠠᠷᠠᠬᠠᠨ ᠪᠠᠶᠢᠬᠤ ᠦᠭᠡᠢ᠂ ᠬᠦᠷᠳᠦᠯᠢᠭ ᠸᠢᠷᠦ᠋ᠰ ᠤᠨ ᠸᠠᠺᠼᠢᠨ ᠪᠣᠯ ᠬᠦᠷᠳᠦᠯᠢᠭ ᠸᠢᠷᠦ᠋ᠰ ᠤᠨ ᠬᠠᠯᠳᠠᠪᠤᠷᠢᠯᠠᠯ ᠤᠨ ᠴᠢᠨᠠᠷᠲᠠᠢ ᠰᠠᠭᠤᠯᠭᠠᠬᠤ ᠶᠢ ᠰᠡᠷᠭᠡᠶᠢᠯᠡᠬᠦ ᠬᠠᠮᠤᠭ ᠤᠨ ᠪᠦᠳᠦᠮᠵᠢᠲᠡᠢ ᠠᠷᠭ᠎ᠠ ᠮᠥᠨ ᠭᠡᠵᠡᠢ᠃ ᠲᠤᠮᠳᠠᠲᠦ ᠤᠯᠤᠰ ᠤᠨ ᠡᠪᠡᠳᠴᠢᠨ ᠡᠮᠭᠡᠭ ᠰᠡᠷᠭᠡᠶᠢᠯᠡᠨ ᠬᠢᠵᠠᠭᠠᠷᠯᠠᠬᠤ ᠲᠥᠪ ᠤᠨ ᠬᠤᠯᠪᠣᠭᠳᠠᠯ ᠪᠦᠬᠦᠢ ᠲᠤᠰᠬᠠᠢ ᠮᠡᠷᠭᠡᠵᠢᠯᠲᠡᠨ ᠢᠯᠡᠷᠬᠡᠶᠢᠯᠡᠬᠦ ᠳᠡᠭᠡᠨ᠂ ᠬᠠᠯᠳᠠᠪᠤᠷᠢᠯᠠᠭᠳᠠᠭᠰᠠᠨ ᠬᠡᠦᠬᠡᠳ ᠤᠨ ᠡᠪᠡᠳᠴᠢᠨ ᠤ ᠪᠠᠶᠢᠳᠠᠯ ᠨᠢ ᠡᠩ ᠤᠨ ᠪᠠᠶᠢᠳᠠᠯ ᠳᠤ ᠲᠡᠶᠢᠮᠦ ᠬᠦᠨᠳᠦ ᠪᠢᠰᠢ᠂ ᠵᠣᠬᠢᠬᠤ ᠬᠡᠮᠵᠢᠶ᠎ᠡ ᠪᠠᠷ ᠰᠢᠩᠭᠡᠨ ᠨᠥᠬᠦᠪᠦᠷᠢᠯᠡᠪᠡᠯ ︽ᠡᠮ ᠬᠡᠷᠡᠭᠯᠡᠬᠦ ᠦᠭᠡᠢ ᠪᠠᠷ ᠡᠳᠡᠭᠡᠷᠡᠵᠦ︾ ᠪᠣᠯᠣᠨ᠎ᠠ᠃ ᠭᠡᠪᠡᠴᠦ ᠰᠠᠭᠤᠯᠭᠠᠬᠤ ᠪᠤᠶᠤ ᠪᠥᠭᠡᠯᠵᠢᠬᠦ ᠨᠢ ᠬᠡᠴᠡᠭᠦᠦ ᠦᠶ᠎ᠡ ᠳᠤ ᠣᠮᠲᠣᠭᠠᠶᠢᠯᠠᠵᠤ ᠪᠤᠯᠬᠤ ᠦᠭᠡᠢ᠂ ᠴᠠᠭ ᠲᠤᠬᠠᠢ ᠳᠤᠨᠢ ᠡᠮᠨᠡᠭᠦᠯᠭᠦ ᠬᠡᠷᠡᠭᠲᠡᠢ᠃ ᠬᠡᠦᠬᠡᠳ ᠤᠨ ᠤᠰᠤ ᠠᠯᠳᠠᠭᠰᠠᠨ ᠠᠴᠠ ᠪᠣᠯᠵᠤ ᠦᠬᠦᠳᠬᠢᠬᠦ ᠠᠴᠠ ᠵᠠᠶᠢᠯᠠᠰᠬᠢᠬᠦ᠂ ᠢᠯᠠᠩᠭᠤᠶ᠎ᠠ 1 ᠨᠠᠰᠤᠨ ᠠᠴᠠ ᠪᠠᠭ᠎ᠠ ᠬᠡᠦᠬᠡᠳ ᠲᠤ ᠨᠡᠩ ᠴᠤ ᠬᠤᠣᠷ ᠬᠥᠨᠥᠭᠡᠯ ᠤᠴᠠᠷᠠᠭᠤᠯᠬᠤ ᠠᠴᠠ ᠵᠠᠶᠢᠯᠠᠰᠬᠢᠬᠦ ᠬᠡᠷᠡᠭᠲᠡᠢ ᠭᠡᠵᠡᠢ᠃ ᠡᠭᠦᠨ ᠤ ᠬᠠᠮᠲᠤ᠂ ᠭᠡᠷ ᠤᠨ ᠠᠬᠠᠮᠠᠳ ᠨᠠᠷ ᠭᠡᠷ ᠪᠦᠯᠢ ᠶᠢᠨ ᠡᠷᠡᠭᠦᠯ ᠬᠠᠮᠠᠭᠠᠯᠠᠯ ᠢ ᠠᠩᠬᠠᠷᠴᠤ᠂ ᠭᠡᠷ ᠦᠷᠦᠭᠡ ᠳᠡᠭᠡᠨ ᠦᠷᠬᠦᠯᠵᠢ ᠰᠠᠯᠬᠢ ᠨᠠᠪᠲᠠᠷᠡᠭᠦᠯᠵᠦ᠂ ᠬᠡᠦᠬᠡᠳ ᠤᠨ ᠢᠳᠡᠭᠡᠨ ᠤ ᠰᠠᠪᠠ ᠬᠡᠷᠡᠭᠰᠡᠯ ᠢ ᠬᠡᠷᠡᠭᠯᠡᠬᠦ ᠠᠴᠠ ᠡᠮᠦᠨ᠎ᠡ ᠤᠬᠢᠶᠠᠵᠤ ᠴᠡᠪᠡᠷᠯᠡᠬᠦ ᠬᠡᠷᠡᠭᠲᠡᠢ᠂ ᠬᠤᠪᠴᠠᠰᠤ ᠬᠤᠨᠠᠷ ᠬᠦᠨᠵᠢᠯᠡ ᠳᠡᠪᠢᠰᠬᠡᠷ᠂ ᠨᠠᠭᠠᠳᠤᠮ ᠤᠨ ᠵᠦᠢᠯ ᠵᠡᠷᠭᠡ ᠶᠢ ᠦᠷᠭᠦᠯᠵᠢ ᠰᠣᠯᠢᠵᠤ ᠤᠬᠢᠶᠠᠬᠤ ᠶᠢ ᠰᠠᠨᠠᠭᠤᠯᠵᠠᠢ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号