ᠦᠵᠦᠮ ᠤᠨ ᠴᠠᠶᠢᠷᠠᠵᠤ ᠢᠯᠵᠠᠷᠠᠬᠤ ᠡᠪᠡᠳᠴᠢᠨ
ᠨᠡᠶᠢᠲᠡᠯᠡᠭᠰᠡᠨ ᠴᠠᠭ᠄
2024/4/1
   1. ᠰᠢᠨᠵᠢ ᠲᠡᠮᠳᠡᠭ ᠲᠣᠰ ᠡᠪᠡᠳᠴᠢᠨ ᠬᠡᠵᠢᠶᠡᠳᠡ ᠤᠷᠢᠳᠠᠪᠠᠷ ᠵᠢᠮᠢᠰ ᠤᠨ ᠪᠠᠷᠢᠭᠤᠯ ᠳᠡᠭᠡᠷ᠎ᠡ ᠡᠪᠡᠳᠴᠢᠨ ᠡᠭᠦᠰᠴᠦ᠂ ᠡᠬᠢᠯᠡᠭᠡᠳ ᠤᠰᠣᠳᠤᠭᠰᠠᠨ ᠮᠠᠶ᠋ᠢᠭ ᠤᠨ ᠬᠥᠶᠦᠬᠡᠨ ᠬᠦᠷᠡᠩ ᠥᠩᠭᠡᠲᠡᠢ ᠡᠮᠬᠢ ᠵᠠᠮᠪᠠᠷᠠᠭ᠎ᠠ ᠦᠭᠡᠢ ᠡᠪᠡᠳᠴᠢᠨ ᠤ ᠲᠣᠯᠪᠤ ᠭᠠᠷᠴᠤ᠂ ᠠᠭᠠᠵᠢᠮ ᠢᠶᠠᠷ ᠵᠢᠮᠢᠰ ᠤᠨ ᠮᠥᠬᠦᠯᠢᠭ ᠵᠦᠭ ᠲᠠᠷᠬᠠᠵᠲ᠋ᠡᠯᠡᠷᠡᠳᠡᠭ᠃ ᠵᠢᠮᠢᠰ ᠤᠨ ᠣᠴᠣᠭᠤᠷ ᠬᠡᠰᠡᠭ ᠨᠢ ᠤᠷᠢᠲᠠᠪᠠᠷ ᠭᠦᠶᠦᠬᠡᠨ ᠬᠦᠷᠡᠩ ᠥᠩᠭᠡᠲᠡᠢ ᠪᠣᠯᠵᠤ ᠬᠤᠪᠢᠷᠠᠵᠤ ᠢᠯᠵᠠᠷᠠᠳᠠᠭ᠂ ᠳᠠᠷᠠᠭ᠎ᠠ ᠪᠠᠷ ᠪᠥᠬᠦ ᠵᠢᠮᠢᠰ ᠨᠢ ᠬᠦᠷᠡᠩ ᠥᠩᠭᠡᠲᠡᠢ ᠪᠣᠯᠵᠤ ᠢᠯᠵᠠᠷᠠᠭᠠᠳ ᠵᠢᠮᠢᠰ ᠤᠨ ᠪᠠᠷᠢᠭᠤᠯ ᠤᠨ ᠡᠰᠢ ᠨᠢ ᠦᠬᠦᠰᠢᠷᠡᠵᠦ ᠬᠠᠳᠠᠳᠠᠭ᠃ ᠡᠪᠡᠳᠴᠢᠲᠡᠢ ᠵᠢᠮᠢᠰ ᠨᠢ ᠠᠭᠠᠵᠢᠮ ᠢᠶᠠᠷ ᠤᠰᠤ ᠠᠯᠳᠠᠵᠤ ᠬᠠᠲᠠᠵᠤ ᠠᠪᠴᠢᠭᠠᠳ ᠭᠦᠨ ᠬᠦᠷᠡᠩ ᠥᠩᠭᠡᠲᠡᠢ ᠮᠣᠳᠣᠯᠢᠭ ᠵᠢᠮᠢᠰ ᠪᠣᠯᠳᠠᠭ᠂ ᠡᠪᠡᠳᠴᠢᠨ ᠨᠢ ᠬᠦᠨᠳᠦᠷᠡᠬᠦ ᠦᠶ᠎ᠡ ᠳᠤ ᠪᠥᠬᠦ ᠲᠦᠷᠦᠭᠦᠦ ᠨᠢ ᠢᠯᠴᠠᠷᠠᠳᠠᠭ᠃ ᠮᠥᠴᠢᠷ ᠲᠤ ᠡᠪᠡᠳᠴᠢᠨ ᠡᠭᠦᠰᠬᠦ ᠨᠢ ᠶᠡᠷᠦ ᠳᠡᠭᠡᠨ ᠣᠷᠣᠢ ᠳᠠᠷᠤᠬᠤ ᠬᠡᠰᠡᠭ ᠪᠤᠶᠤ ᠮᠧᠬᠠᠨᠢᠭ ᠰᠢᠷᠬᠠᠨ ᠤ ᠬᠡᠰᠡᠭ ᠲᠤ ᠢᠯᠡᠷᠡᠵᠦ᠂ ᠰᠢᠨ᠎ᠡ ᠮᠥᠴᠢᠷ ᠤᠨ ᠡᠪᠡᠳᠴᠢᠨ ᠤ ᠲᠣᠯᠪᠤ ᠨᠢ ᠣᠰᠤᠳᠤᠭᠰᠠᠨ ᠮᠠᠶ᠋ᠢᠭ ᠤᠨ ᠶᠠᠭᠠᠨ ᠬᠦᠷᠡᠩ ᠦᠩᠭᠡᠳᠡᠢ᠂ ᠭᠥᠪᠡᠭᠡ ᠨᠢ ᠭᠦᠨ ᠬᠦᠷᠡᠩ ᠥᠩᠭᠡᠲᠡᠢ᠃ ᠡᠪᠡᠳᠴᠢᠨ ᠤ ᠲᠣᠯᠪᠤ ᠨᠢ ᠬᠤᠶᠠᠷ ᠦᠵᠦᠭᠦᠷ ᠵᠦᠭ ᠢᠶᠠᠨ ᠬᠥᠭᠵᠢᠬᠦ ᠨᠢ ᠮᠠᠰᠢ ᠲᠦᠷᠭᠡᠨ ᠪᠠᠶᠢᠳᠠᠭ᠂ ᠰᠡᠭᠦᠯᠴᠢ ᠶᠢᠨ ᠬᠤᠭᠤᠴᠠᠭ᠎ᠠ ᠪᠣᠯᠪᠠᠯ ᠪᠦᠳᠡᠬᠢ ᠬᠦᠷᠡᠩ ᠥᠩᠭᠡᠲᠡᠢ ᠪᠣᠯᠵᠤ ᠬᠤᠲᠦ᠋ᠢᠳᠠᠭ᠂ ᠥᠩᠭᠡᠨ ᠲᠠᠯ᠎ᠠ ᠳᠤᠨᠢ ᠨᠢᠭ᠋ ᠣᠷᠭᠤᠭᠰᠠᠨ ᠰᠡᠷᠡᠯ ᠥᠩᠭᠡ ᠶᠢᠨ ᠵᠢᠵᠢᠭ ᠮᠥᠬᠦᠯᠢᠭᠲᠦ ᠲᠤᠰᠤᠯ ᠲᠠᠢ᠃ ᠡᠪᠡᠳᠴᠢᠨ ᠤ ᠲᠣᠯᠪᠤ ᠨᠢ ᠮᠥᠴᠢᠷ ᠢ ᠨᠢᠭᠡ ᠳᠤᠭᠤᠶᠢᠯᠠᠵᠤ ᠴᠠᠭᠠᠷᠢᠭᠯᠠᠬᠤ ᠦᠶ᠎ᠡ ᠳᠤ᠂ ᠲᠡᠭᠦᠨ ᠤ ᠳᠡᠭᠡᠷᠡᠬᠢ ᠬᠡᠰᠡᠭ ᠤᠨ ᠨᠠᠪᠴᠢᠨ ᠢᠯᠳᠠᠰᠤ ᠨᠢ ᠥᠭᠦᠰᠢᠷᠡᠨ ᠰᠢᠷᠡᠯᠡᠵᠦ ᠤᠯᠠᠮ ᠢᠶᠠᠷ ᠬᠠᠲᠠᠵᠤ ᠦᠬᠦᠳᠡᠭ᠃ ᠰᠡᠭᠦᠯᠴᠢ ᠶᠢᠨ ᠬᠤᠭᠤᠴᠠᠭᠠᠨ ᠳᠤ ᠪᠣᠯᠪᠠᠯ ᠡᠪᠡᠳᠴᠢᠳᠠᠢ ᠬᠠᠯᠢᠰᠤ ᠨᠢ ᠬᠡᠵᠢᠶᠡᠳᠡ ᠰᠢᠷᠬᠡᠭ ᠬᠡᠯᠪᠡᠷᠢᠲᠡᠢ ᠭᠤᠯᠲᠤ ᠪᠠᠷ ᠬᠠᠭᠠᠷᠠᠵᠤ᠂ ᠮᠣᠳᠣᠯᠢᠭ ᠬᠡᠰᠡᠭ ᠨᠢ ᠰᠠᠯᠵᠤ ᠭᠠᠷᠳᠠᠭ᠃ ᠨᠡᠪᠴᠢᠨ ᠢᠯᠳᠠᠰᠤᠨ ᠳᠤ ᠡᠪᠡᠳᠴᠢᠨ ᠬᠠᠯᠳᠠᠪᠤᠷᠢᠯᠠᠪᠠᠯ ᠤᠷᠢᠲᠠᠪᠠᠷ ᠨᠡᠪᠴᠢᠨ ᠤ ᠦᠵᠦᠭᠦᠷ᠂ ᠨᠡᠪᠴᠢᠨ ᠬᠥᠪᠡᠭᠡ ᠠᠴᠠ ᠡᠬᠢᠯᠡᠵᠦ ᠨᠡᠪᠴᠢᠨ ᠤ ᠬᠥᠪᠡᠭᠡ ᠳᠡᠭᠡᠷ᠎ᠡ ᠨᠢ ᠰᠢᠷ᠎ᠠ ᠬᠦᠷᠡᠩ ᠥᠩᠭᠡᠲᠡᠢ ᠡᠪᠡᠳᠴᠢᠨ ᠤ ᠲᠣᠯᠪᠤ ᠡᠭᠦᠰᠴᠦ᠂ ᠢᠷᠮᠡᠭ ᠨᠢ ᠤᠰᠤᠳᠤᠭᠰᠠᠨ ᠮᠠᠶ᠋ᠢᠭᠳᠠᠢ᠂ ᠡᠨᠡ ᠨᠢ ᠢᠳᠡᠭ ᠢᠳᠡᠭ ᠢᠶᠠᠷ ᠨᠡᠪᠴᠢᠨ ᠢᠯᠲᠡᠰᠦ ᠶᠢᠨ ᠲᠥᠪ ᠬᠡᠰᠡᠭ ᠤᠷᠤᠭᠤ ᠬᠥᠭᠵᠢᠵᠦ᠂ ᠲᠣᠮᠣ ᠬᠡᠯᠪᠡᠷᠢ ᠶᠢᠨ ᠲᠤᠭᠤᠷᠢᠭᠯᠢᠭ ᠬᠡᠯᠪᠡᠷᠢᠲᠡᠢ ᠭᠦᠶᠦᠬᠡᠨ ᠬᠦᠷᠡᠩ ᠥᠩᠭᠡ ᠶᠢᠨ ᠡᠪᠡᠳᠴᠢᠨ ᠤ ᠲᠣᠯᠪᠤ ᠪᠦᠷᠢᠯᠳᠦᠵᠦ᠂ ᠢᠢᠯᠡᠷᠬᠡᠢ ᠪᠤᠰᠤ ᠨᠢᠭᠡ ᠭᠤᠯᠲᠤ ᠴᠠᠭᠠᠷᠢᠭ ᠨᠠᠷ ᠲᠠᠢ᠃ ᠡᠪᠡᠳᠴᠢᠲᠡᠢ ᠨᠡᠪᠴᠢᠨ ᠳᠡᠭᠡᠷ᠎ᠡ ᠪᠠᠰᠠ ᠰᠡᠷᠡᠯ ᠥᠩᠭᠡ ᠶᠢᠨ ᠵᠢᠵᠢᠭ ᠮᠥᠬᠦᠯᠢᠭᠲᠦ ᠲᠤᠰᠣᠯ ᠲᠠᠢ᠂ ᠡᠨᠡ ᠨᠢ ᠨᠡᠪᠴᠢᠨ ᠤ ᠭᠥᠪᠡᠭᠡ ᠪᠠᠷ ᠠᠷᠪᠢᠨ ᠪᠠᠶᠢᠳᠠᠭ᠃ ᠡᠪᠡᠳᠴᠢᠲᠡᠢ ᠨᠡᠭᠡᠳᠡᠰᠦ ᠨᠢ ᠬᠠᠲᠠᠵᠤ ᠦᠬᠦᠰᠢᠷᠡᠭᠰᠡᠨ ᠤ ᠳᠠᠷᠠᠭ᠎ᠠ ᠠᠮᠠᠷᠬᠠᠨ ᠬᠠᠭᠠᠷᠠᠯ ᠡᠭᠦᠰᠳᠡᠭ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号