ᠰᠢᠨᠬᠤᠸᠠ ᠬᠤᠷᠢᠶᠠᠨ ᠤ ᠪᠡᠭᠡᠵᠢᠩ ᠤᠨ 3 ᠰᠠᠷ᠎ᠠ ᠶᠢᠨ 9 ᠤ ᠡᠳᠦᠷ ᠤᠨ ᠴᠠᠬᠢᠯᠭᠠᠨ ᠮᠡᠳᠡᠭᠡ ᠤᠯᠤᠰ ᠤᠨ | ᠲᠤᠭ᠎ᠠ ᠪᠦᠷᠢᠣᠠᠭᠡᠯ ᠤᠨ ᠲᠣᠪᠴᠢᠶᠠᠨ ᠠᠴᠠ 9 ᠤ ᠡᠳᠦᠷ ᠲᠤᠭ᠎ᠠ ᠪᠠᠷᠢᠮᠲᠠ ᠨᠡᠶᠢᠲᠡᠯᠡᠵᠦ᠂ ᠪᠦᠷᠢᠣᠠᠭᠡᠯ ᠤᠨ ᠲᠤᠭ᠎ᠠ | ᠪᠠᠷᠢᠮᠲᠠ ᠠᠴᠠ ᠣᠢᠵᠠᠪᠡᠯ᠂ 2 ᠰᠠᠷ᠎ᠠ ᠳᠤ ᠢᠲᠠᠭᠠ ᠤ ᠣᠢᠨ᠎ᠠ ᠠᠳᠠᠯᠢ ᠬᠤᠭᠤᠴᠠᠭᠠᠨ ᠠᠴᠠ 0. 9% ᠪᠠᠷ | ᠪᠠᠭᠤᠷᠠᠵᠤ᠂ ᠪᠠᠭᠤᠷᠠᠭᠰᠠᠨ ᠲᠤᠭ᠎ᠠ ᠨᠢ ᠳᠦᠷᠣᠭᠦᠤ ᠰᠠᠷ᠎ᠠ ᠠᠴᠠ 5.0 ᠵᠠᠭᠤᠨ ᠤ ᠨᠢᠭᠡᠴᠢ ᠪᠠᠭᠠᠰᠴᠠᠢ᠃ | ᠢᠳᠡᠭᠡᠨ ᠳᠤ ᠭᠠᠭ᠋ᠠᠢ ᠶᠢᠨ ᠮᠢᠬᠠᠨ ᠤ ᠣᠢᠨ᠎ᠠ ᠵᠠᠯᠭᠠᠯᠳᠤᠭᠠᠪᠠᠷ 9 ᠰᠠᠷ᠎ᠠ ᠳᠣᠷᠣᠭᠰᠢᠯᠠᠭᠰᠠᠨ ᠤ ᠳᠠᠷᠠᠭ᠎ᠠ ᠠᠩᠬ᠎ᠠ | ᠤᠳᠠᠭ᠎ᠠ ᠦᠰᠴᠦ᠂ 0. 2% ᠢᠶᠠᠷ ᠦᠰᠴᠡᠢ᠃ ᠰᠢᠨ᠎ᠡ ᠰᠣᠷᠭᠤᠭ ᠨᠣᠭᠤᠭ᠎ᠠ ᠪᠠ ᠤᠰᠤᠨ ᠤ ᠪᠦᠲᠣᠭᠡᠭᠲᠠᠭᠦᠠ ᠤ | ᠣᠢᠨ᠎ᠠ ᠳᠦᠷᠣᠭᠦᠤ ᠰᠠᠷ᠎ᠠ ᠠᠴᠠ ᠲᠤᠰ ᠲᠤᠰ 12.7% ᠪᠠ 3.4% ᠳᠣᠷᠣᠭᠰᠢᠯᠠᠵᠤ ᠪᠠᠶᠢᠭᠠᠳ 2.9% ᠪᠠ | 4.1% ᠦᠰᠴᠡᠢ᠃ ᠲᠥᠮᠥᠰᠥ ᠶᠢᠨ ᠳᠦᠷᠣᠯ᠂ ᠲᠠᠬᠢᠶᠠᠨ ᠦᠨᠳᠡᠭᠡ᠂ ᠭᠡᠷᠡᠭᠯᠡᠬᠡᠨ ᠤ ᠳᠤᠰᠤ᠂ ᠭᠡᠷᠡᠭᠯᠡᠬᠡᠨ ᠤ | ᠮᠢᠬ᠎ᠠ ᠶᠢᠨ ᠣᠢᠨ᠎ᠠ ᠨᠢ 4.1% ᠠᠴᠠ 12.2% ᠤᠶᠢᠰᠴᠠᠢ᠃ | 2 ᠳ᠋ᠤᠭᠠᠷ ᠰᠠᠷ᠎ᠠ ᠳᠤ᠂ ᠢᠳᠡᠭᠡᠨ ᠤ ᠪᠤᠰᠤ ᠦᠨ᠎ᠡ ᠠᠳᠠᠯᠢ ᠬᠤᠭᠤᠴᠠᠭᠠᠨ ᠤ ᠬᠢ ᠠᠴᠠ 1.1% ᠥᠰᠴᠦ᠂ | ᠥᠰᠥᠯᠲᠡ ᠶᠢᠨ ᠬᠡᠮᠵᠢᠶ᠎ᠡ ᠳᠡᠭᠡᠷ᠎ᠡ ᠰᠠᠷ᠎ᠠ ᠶᠢᠨ ᠬᠢ ᠠᠴᠠ 0.7 ᠵᠠᠭᠤᠨ ᠤ ᠴᠡᠭ ᠥᠷᠭᠡᠳᠴᠡᠢ᠃ ᠢᠳᠡᠭᠡᠨ ᠤ ᠪᠤᠰᠤ | ᠵᠦᠢᠯ ᠳᠤ ᠦᠢᠯᠡᠴᠢᠯᠡᠬᠡᠨ ᠤ ᠣᠢᠨ᠎ᠠ 1.9% ᠪᠠᠷ ᠤᠶᠢᠰᠴᠤ᠂ ᠣᠢᠨ᠎ᠠ ᠨᠢ 1.4 ᠵᠠᠭᠤᠨ ᠤ ᠨᠢᠭᠡᠴᠢ | ᠦᠷᠭᠡᠳᠪᠠ᠃ | 2 ᠰᠠᠷ᠎ᠠ ᠳᠤ᠂ ᠴᠠᠭᠠᠨ ᠰᠠᠷ᠎ᠠ ᠶᠢᠨ ᠠᠮᠠᠷᠠᠯᠲᠠ ᠶᠢᠨ ᠡᠳᠦᠷ ᠵᠡᠷᠭᠡ ᠬᠦᠴᠦᠨ ᠵᠦᠢᠯ ᠤᠨ ᠨᠥᠯᠥᠭᠡ ᠠᠴᠠ | ᠪᠣᠯᠵᠤ᠂ ᠠᠵᠤ ᠦᠢᠯᠡᠳᠪᠦᠷᠢ ᠶᠢᠨ ᠦᠢᠯᠡᠳᠪᠦᠷᠢᠯᠡᠯ ᠤᠯᠠᠮᠵᠢᠯᠠᠯᠲᠤ ᠰᠡᠯᠡᠭᠦᠦ ᠤᠯᠠᠷᠢᠯ ᠳᠤ ᠣᠷᠣᠰᠢᠵᠤ᠂ ᠪᠦᠬᠦ | ᠤᠯᠤᠰ ᠤᠨ ᠠᠵᠤ ᠦᠢᠯᠡᠳᠪᠦᠷᠢ ᠶᠢᠨ ᠦᠢᠯᠡᠳᠪᠦᠷᠢᠯᠡᠭᠴᠢᠳ ᠤᠨ ᠦᠢᠯᠡᠳᠪᠦᠷᠢ ᠠᠴᠠ ᠭᠠᠷᠭᠠᠬᠤ ᠦᠨ᠎ᠡ | ᠬᠠᠩᠰᠢ ᠶᠢᠨ ᠵᠢᠭᠠᠯᠲᠠ ᠲᠤᠭ᠎ᠠ ︵PPI︶ ᠳᠡᠭᠡᠷ᠎ᠡ ᠰᠠᠷ᠎ᠠ ᠶᠢᠨ ᠬᠢ ᠠᠴᠠ 0.2% ᠢᠶᠠᠷ ᠪᠠᠭᠤᠷᠠᠵᠤ᠂ | ᠪᠠᠭᠤᠷᠠᠯᠲᠠ ᠶᠢᠨ ᠬᠡᠮᠵᠢᠶ᠎ᠡ ᠨᠢ ᠳᠡᠭᠡᠷ᠎ᠡ ᠰᠠᠷ᠎ᠠ ᠶᠢᠨ ᠬᠢ ᠠᠴᠠ 2.7% ᠪᠠᠷ ᠪᠠᠭᠤᠷᠠᠵᠤ᠂ ᠪᠠᠭᠤᠷᠠᠯᠲᠠ ᠶᠢᠨ | ᠬᠡᠮᠵᠢᠶ᠎ᠡ ᠨᠢ ᠵᠢᠭᠠᠬᠠᠨ ᠥᠷᠭᠡᠳᠴᠡᠢ᠃ |