ᠮᠤᠩᠭᠤᠯᠴᠤᠳ ᠤᠨ ᠭᠤᠷᠪᠠᠨᠳᠠ ᠰᠠᠴᠤᠯᠢ ᠡᠷᠭᠦᠭᠦ ᠶᠤᠰᠦ ᠵᠠᠩᠰᠢᠯ
ᠨᠡᠶᠢᠲᠡᠯᠡᠭᠰᠡᠨ ᠴᠠᠭ᠄
2024/3/9
  ᠡᠷᠳᠡ ᠢᠵᠠᠭᠤᠷ ᠠᠴᠠ ᠠᠪᠤᠭᠠᠳ ᠮᠤᠩᠭᠤᠯᠴᠤᠳ ᠠᠷᠢᠭᠢ ᠤᠤᠭᠤᠬᠤ ᠳᠤ ᠤᠯᠠᠨ ᠶᠤᠰᠤ ᠵᠢᠷᠤᠮ ᠲᠠᠢ᠂ ᠪᠤᠯᠪᠠᠰᠤᠨ ᠢ ᠡᠷᠭᠢᠮᠯᠠᠳᠡᠭ ᠵᠠᠩᠰᠢᠯ ᠲᠠᠢ ᠪᠠᠶᠢᠵᠠᠢ᠃ ᠶᠠᠮᠠᠷ ᠪᠠᠶᠢᠳᠠᠯ᠂ ᠶᠠᠮᠠᠷ ᠠᠬᠤᠢ ᠤᠷᠴᠢᠨ ᠳᠤ ᠴᠤ ᠬᠤᠨᠳᠠᠭ᠎ᠠ ᠲᠠᠢ ᠠᠷᠢᠭᠢ ᠶᠢ ᠠᠪᠤᠩᠭᠤᠳᠠ ᠠᠮᠠ ᠤᠷᠤᠭᠤ ᠪᠠᠨ ᠴᠢᠳᠬᠤᠳᠠᠭ ᠦᠭᠡᠢ᠂ ᠬᠠᠷᠢᠨ ᠨᠠᠰᠤᠳᠠᠨ ᠪᠤᠭᠤᠷᠤᠯ ᠂ ᠠᠬᠠᠰ ᠵᠠᠬᠠᠰ ᠲᠠᠭᠠᠨ ᠤᠷᠢᠳ ᠢᠶᠠᠷ ᠲᠠᠭᠡᠵᠢᠯᠠᠨ ᠭᠡᠮᠨᠠᠵᠤ ᠶᠤᠰᠤ ᠤᠴᠢᠷ ᠢᠶᠠᠨ ᠭᠦᠢᠴᠡᠳᠭᠡᠨ᠂ ᠲᠠᠷᠠᠭ᠎ᠠ ᠨᠢ ᠭᠤᠷᠪᠠᠨᠳᠠ ᠰᠠᠷᠵᠢᠮᠯᠠᠨ ᠰᠠᠴᠤᠯᠢ ᠡᠷᠭᠦᠵᠤ ᠠᠮᠰᠠᠭᠠᠳ ᠤᠤᠭᠤᠳᠠᠭ᠃ ᠡᠨᠡ ᠭᠦ ᠵᠠᠩ ᠵᠢᠷᠤᠮ ᠤᠨ ᠪᠦᠷᠢᠯᠳᠤᠯ ᠨᠢ ᠲᠠᠤᠭᠡ ᠶᠢᠨ ᠡᠰᠢ ᠪᠠᠷᠢᠮᠳᠠ ᠲᠠᠢ ᠪᠦᠭᠡᠳ ᠤᠴᠢᠷ ᠤᠳᠬ᠎ᠠ ᠨᠢ ᠮᠠᠰᠢ ᠭᠦᠨ ᠪᠠᠶᠢᠳᠠᠭ᠃ ᠠᠷᠢᠭᠢ ᠶᠢ ᠭᠤᠷᠪᠠᠨᠳᠠ ᠭᠡᠮᠨᠠᠨ ᠰᠠᠴᠤᠯᠢ ᠡᠷᠭᠦᠳᠡᠭ ᠮᠤᠩᠭᠤᠯᠴᠤᠳ ᠤᠨ ᠶᠤᠰᠤ ᠵᠠᠩᠰᠢᠯ ᠢ ᠳᠤᠷᠠᠳᠬᠤ ᠳᠤ ᠴᠢᠩᠭᠢᠰ ᠬᠠᠭᠠᠨ ᠤ ᠪᠢᠯᠢᠭ ᠰᠤᠷᠭᠠᠯ ᠠᠴᠠ ᠡᠷᠢᠵᠤ ᠳᠤᠳᠤᠯᠠᠬᠤ ᠤᠴᠢᠷᠳᠠᠢ᠃ ᠲᠠᠤᠭᠡᠨ ᠲᠠᠮᠳᠡᠭᠯᠡᠯ ᠢ ᠦᠨᠳᠤᠰᠤᠯᠠᠪᠠᠯ᠂ ᠨᠠᠢᠮᠠᠨ ᠤ ᠲᠠᠶᠠᠨ ᠬᠠᠨ ᠴᠠᠭᠠᠨ ᠭᠡᠷᠡᠮ ᠤᠨ ᠠᠷᠤ ᠳᠤ ᠨᠤᠳᠤᠭᠰᠢᠭᠰᠠᠨ ᠤᠡᠭᠭᠤᠳ ᠠᠶᠢᠮᠠᠭ ᠤᠨ ᠲᠦᠷᠦᠭᠦᠤ ᠠᠯᠬᠤᠰᠢ ᠲᠠᠭᠢᠳᠬᠤᠷᠢ ᠳᠤ ᠡᠯᠴᠢ ᠢᠯᠡᠭᠡᠵᠤ᠄ ︽ᠳᠤᠷᠤᠨ᠎ᠠ ᠵᠦᠭ ᠲᠤ ᠴᠦᠭᠡᠨ ᠮᠤᠩᠭᠤᠯᠴᠤᠳ ᠪᠤᠢ ᠭᠡᠳᠡᠭ᠂ ᠴᠢ ᠪᠠᠷᠠᠭᠤᠨ ᠭᠠᠷ ᠪᠤᠯᠵᠤ ᠮᠤᠷᠳᠠ᠂ ᠪᠢ ᠠᠳᠡᠴᠡ ᠬᠠᠮᠰᠠᠵᠤ ᠲᠠᠳᠡᠭᠡᠷ ᠮᠤᠩᠭᠤᠯᠴᠤᠳ ᠤᠨ ᠬᠤᠷᠤᠮᠰᠠᠭ᠎ᠠ ᠰᠠᠭᠠᠳᠠᠭ ᠢ ᠪᠤᠯᠢᠶᠠᠨ ᠠᠪᠤᠰᠤᠭᠠᠢ︾ ᠭᠡᠵᠠᠢ᠃ ᠠᠯᠬᠤᠰᠢ ᠲᠠᠭᠢᠳᠬᠤᠷᠢ᠄ ︽ᠪᠢ ᠪᠠᠷᠠᠭᠤᠨ ᠭᠠᠷ ᠴᠢᠨᠢ ᠪᠤᠯᠵᠤ ᠴᠢᠳᠠᠬᠤ ᠦᠭᠡᠢ︾ ᠭᠡᠵᠤ ᠡᠯᠴᠢ ᠶᠢ ᠨᠢ ᠲᠠᠶᠠᠨ ᠬᠠᠨ ᠳᠤ ᠪᠤᠴᠠᠭᠠᠭᠠᠳ ᠦᠪᠠᠷ ᠤᠨ ᠵᠤᠬᠤᠨᠠᠭ ᠨᠠᠷᠠᠳᠤ ᠡᠯᠴᠢ ᠪᠠᠨ ᠲᠠᠶᠢᠽᠤ ᠪᠤᠭᠳᠠ ᠴᠢᠩᠭᠢᠰ ᠬᠠᠭᠠᠨ ᠳᠤ ᠢᠯᠡᠭᠡᠵᠤ᠂ ᠵᠢᠷᠭᠤᠭᠠᠨ ᠪᠤᠳᠤᠩ ᠠᠷᠢᠭᠢ ᠪᠠᠯᠡᠭᠯᠡᠨ ᠲᠠᠶᠠᠨ ᠬᠠᠨ ᠤ ᠳᠤᠪᠳᠤᠯᠤᠯᠳᠠ ᠶᠢ ᠰᠠᠷᠠᠮᠵᠢᠯᠠᠳᠤᠭᠡᠢ ᠭᠡᠰᠡᠨ ᠪᠠᠶᠢᠵᠠᠢ᠃ ︽ᠲᠠᠶᠢᠽᠤ ᠤᠷᠢᠳ ᠢᠶᠠᠷ ᠰᠠᠴᠤᠯᠢ ᠡᠷᠭᠦᠵᠤ ᠲᠠᠷᠠᠭ᠎ᠠ ᠨᠢ ᠵᠤᠭᠤᠭᠯᠠᠪᠠᠢ᠂ ᠭᠡᠮ ᠢ ᠭᠤᠷᠪᠠᠨᠳᠠ ᠡᠷᠭᠦᠵᠤ ᠂ ᠡᠨᠡ ᠶᠠᠭᠤᠮ᠎ᠠ ᠶᠢ ᠪᠠᠭ᠎ᠠ ᠡᠳ᠋ᠯᠡᠪᠡᠰᠤ ᠴᠢᠨᠠᠷ ᠢ ᠭᠦᠭᠵᠢᠭᠡᠮᠤᠢ᠂ ᠶᠡᠭᠡ ᠡᠳ᠋ᠯᠡᠪᠡᠰᠤ ᠴᠢᠨᠠᠷ ᠢ ᠦᠳᠡᠭᠡᠷᠡᠮᠤᠢ︾ ᠭᠡᠵᠠᠢ᠃ ᠠᠯᠬᠤᠰᠢ ᠲᠠᠭᠢᠳᠬᠤᠷᠢ ᠳᠤ ᠴᠢᠩᠭᠢᠰ ᠬᠠᠭᠠᠨ ᠠᠴᠠ᠄ ︽ᠨᠢᠭᠡᠨ ᠡᠳᠤᠷ ᠲᠠᠯᠠᠭᠡᠢ ᠳ᠋ᠡᠭᠢᠨ ᠮᠢᠨᠤ ᠪᠤᠯᠪᠠᠰᠤ ᠴᠢᠨᠤ ᠠᠴᠢ ᠲᠤᠰᠠ ᠶᠢ ᠭᠡᠷᠭᠢᠨ ᠬᠠᠷᠢᠭᠤᠯᠬᠤ ᠶᠢ ᠮᠦᠡᠭᠭᠡ ᠲᠡᠭᠷᠢ ᠮᠠᠳᠠᠳᠤᠭᠡᠢ︾ ᠭᠡᠮᠡᠭᠰᠡᠨ ᠪᠦᠭᠡᠳ ᠲᠠᠶᠠᠨ ᠬᠠᠨ ᠢ ᠬᠠᠮᠳᠤ ᠪᠠᠷ ᠲᠠᠶᠢᠯᠠᠬᠤ ᠪᠠᠷ ᠪᠤᠯᠵᠤᠭᠰᠠᠨ ᠠᠵᠢ᠃ ︽ᠰᠤᠳᠤᠷ ᠤᠨ ᠴᠢᠭᠤᠯᠭᠠᠨ︾᠂ ︽ᠮᠤᠩᠭᠤᠯ ᠤᠨ ᠨᠢᠭᠤᠴᠠ ᠳᠤᠪᠴᠢᠶᠠᠨ︾᠂ ︽ᠪᠤᠭᠳᠠ ᠪᠠᠭᠠᠳᠤᠷ ᠤᠨ ᠪᠠᠶ᠎ᠠ ᠪᠠᠷ ᠲᠠᠶᠢᠯᠠᠭᠰᠠᠨ ᠲᠠᠮᠳᠡᠭᠯᠡᠯ︾ ᠵᠢᠴᠢ ︽ᠭᠤᠤ ᠲᠠᠩ ᠵᠦᠡᠭ ᠰᠢᠶᠠᠨ ᠸᠠᠩ ᠤᠨ ᠭᠦᠰᠢᠶᠠᠨ ᠪᠢᠴᠢᠭ︾ ᠵᠡᠷᠭᠡ ᠲᠠᠤᠭᠡ ᠱᠠᠰᠳᠢᠷ ᠲᠤ ᠡᠨᠡ ᠳᠤᠬᠠᠢ ᠲᠠᠮᠳᠡᠭᠯᠡᠯ ᠴᠦᠮ ᠪᠤᠢ᠃ ᠴᠢᠩᠭᠢᠰ ᠬᠠᠭᠠᠨ ᠠᠯᠬᠤᠰᠢ ᠲᠠᠭᠢᠳᠬᠤᠷᠢ ᠶᠢᠨ ᠭᠦᠷᠭᠡᠭᠰᠡᠨ ᠵᠢᠷᠭᠤᠭᠠᠨ ᠪᠤᠳᠤᠩ ᠠᠷᠢᠭᠢ ᠶᠢ ᠰᠠᠴᠤᠯᠢ ᠡᠷᠭᠦᠨ ᠭᠤᠷᠪᠠᠨᠳᠠ ᠭᠡᠮ ᠡᠷᠭᠦᠵᠤ᠂ ᠨᠠᠢᠮᠠᠨ ᠠᠶᠢᠮᠠᠭ ᠢ ᠲᠠᠶᠢᠯᠠᠬᠤ ᠪᠠᠷ ᠶᠡᠭᠡ ᠴᠡᠷᠢᠭ ᠢᠶᠠᠨ ᠲᠠᠶᠢᠴᠢᠯᠠᠨ ᠮᠤᠷᠳᠠᠭᠠᠳ ᠬᠠᠷᠪᠤᠭᠰᠠᠨ ᠰᠤᠮᠤ ᠮᠠᠳᠤ ᠬᠠᠷᠢᠯᠳᠠ ᠦᠭᠡᠢ ᠪᠠᠷ ᠨᠠᠢᠮᠠᠨ ᠠᠶᠢᠮᠠᠭ ᠢ ᠬᠤᠷᠢᠶᠠᠮᠵᠢᠯᠠᠨ ᠲᠦᠪᠰᠢᠳᠭᠡᠵᠤ᠂ ᠮᠤᠩᠭᠤᠯ ᠤᠨ ᠶᠡᠭᠡ ᠬᠠᠭᠠᠨᠳᠤ ᠳᠤᠯᠭᠤᠷ ᠲᠦᠷᠦ ᠶᠢ ᠴᠤᠭᠴᠠᠯᠠᠭᠰᠠᠨ ᠪᠠᠶᠢᠨ᠎ᠠ᠃ ᠮᠤᠩᠭᠤᠯᠴᠤᠳ ᠡᠨᠡ ᠭᠦ ᠢᠯᠠᠯᠳᠠ ᠪᠠᠨ ᠲᠠᠤᠭᠡᠨ ᠳᠤ ᠦᠨᠢ ᠤᠳᠠᠭᠠᠨ ᠳᠤᠷᠠᠰᠴᠤ ᠲᠠᠮᠳᠡᠭᠯᠡᠭᠦ ᠶᠢᠨ ᠲᠦᠯᠤᠭᠡᠨ᠎ᠠ ᠴᠢᠩᠭᠢᠰ ᠬᠠᠭᠠᠨ ᠤ ᠠᠷᠢᠭᠢ ᠶᠢ ᠭᠤᠷᠪᠠᠨᠳᠠ ᠭᠡᠮ ᠡᠷᠭᠦᠵᠤ ᠰᠠᠴᠤᠯᠢ ᠰᠠᠴᠤᠭᠰᠠᠨ ᠢᠶᠠᠷ ᠪᠠᠯᠭᠡᠳᠠᠯ ᠪᠤᠯᠭᠠᠵᠤ᠂ ᠪᠠᠶᠠᠷ ᠳᠤᠷᠠᠰᠬᠠᠯ᠂ ᠨᠠᠶᠢᠷ ᠬᠤᠷᠢᠮ᠂ ᠲᠠᠶᠢᠯᠭ᠎ᠠ ᠲᠠᠭᠢᠯᠭ᠎ᠠ ᠵᠡᠷᠭᠡ ᠴᠤᠭᠯᠠᠭᠠᠨ ᠳᠤ ᠭᠦᠨᠳᠤᠳᠭᠡᠯ ᠤᠨ ᠶᠤᠰᠤ ᠪᠤᠯᠭᠠᠨ ᠠᠷᠢᠭᠢ ᠶᠢ ᠤᠷᠢᠳ ᠢᠶᠠᠷ ᠭᠤᠷᠪᠠᠨᠳᠠ ᠰᠠᠷᠵᠢᠮᠯᠠᠨ ᠰᠠᠴᠤᠯᠢ ᠡᠷᠭᠦᠭᠦ ᠪᠤᠯᠵᠠᠢ᠃ ᠮᠦᠨ ᠠᠶᠠᠨ ᠵᠠᠮ ᠳᠤ ᠭᠠᠷᠬᠤ ᠳᠠᠭᠠᠨ ᠮᠤᠷᠳᠠᠭᠤᠯ ᠤᠨ ᠠᠷᠢᠭᠢ ︽ᠲᠦᠷᠤᠭᠡᠨ ᠠᠷᠢᠭᠢ︾ ᠭᠡᠵᠤ ᠠᠷᠢᠭᠢ ᠶᠢ ᠭᠤᠷᠪᠠᠨᠳᠠ ᠭᠡᠮᠨᠡᠨ ᠰᠠᠴᠤᠯᠢ ᠡᠷᠭᠦᠵᠤ ᠮᠤᠷᠳᠠᠭᠤᠯᠬᠤ ᠵᠠᠩᠰᠢᠯ ᠪᠤᠢ ᠪᠤᠯᠵᠤ᠂ ᠡᠨᠡ ᠨᠢ ᠤᠳᠤ ᠪᠤᠯᠳᠠᠯ᠎ᠠ ᠤᠯᠠᠮᠵᠢᠯᠠᠭᠳᠠᠵᠤ ᠪᠠᠶᠢᠨ᠎ᠠ᠃ ᠮᠤᠩᠭᠤᠯ ᠤᠨ ᠰᠠᠴᠡᠨ ᠬᠠᠨ ᠠᠶᠢᠮᠠᠭ ᠤᠨ ᠵᠠᠷᠢᠮ ᠬᠤᠰᠢᠭᠤ ᠳᠤ ︽ᠦᠨᠡᠭᠡ ᠳᠤ ᠬᠤᠶᠠᠷ ᠴᠢᠭᠢ ᠲᠠᠢ ᠶᠤᠮ᠂ ᠦᠳᠠ ᠶᠢᠨ ᠬᠤᠨᠳᠠᠭ᠎ᠠ ᠭᠤᠷᠪᠠ ᠪᠠᠶᠢᠳᠠᠭ᠃ ᠮᠤᠷᠢᠨ ᠳᠤ ᠬᠤᠶᠠᠷ ᠴᠢᠭᠢ ᠲᠠᠢ ᠰᠢᠤ᠂ ᠮᠤᠷᠳᠠᠭᠤᠯᠬᠤ ᠬᠤᠨᠳᠠᠭ᠎ᠠ ᠭᠤᠷᠪᠠ ᠶᠤᠮ︾ ᠭᠡᠵᠤ ᠭᠤᠷᠪᠠᠨ ᠬᠤᠨᠳᠠᠭ᠎ᠠ ᠠᠷᠢᠭᠢ ᠪᠠᠷᠢᠵᠤ ᠮᠤᠷᠳᠠᠭᠤᠯᠬᠤ ︽ᠮᠤᠯᠤᠷ ᠤᠨ ᠠᠷᠢᠭᠢ︾ ᠪᠠᠶᠢᠳᠠᠭ ᠵᠠᠩ ᠵᠢᠷᠤᠮ ᠢ ᠪᠠᠰᠠ ᠵᠠᠷᠢᠮ ᠮᠠᠲ᠋ᠧᠷᠢᠶᠠᠯ ᠳᠤ ᠲᠠᠮᠳᠡᠭᠯᠡᠵᠤ ᠪᠤᠢ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号