ᠦᠨᠢᠶᠡᠨ ᠰᠦ᠋ ᠠᠴᠠ ᠦᠨᠡᠲᠡᠢ᠂ ᠬᠡᠭᠡᠯ ᠲᠠᠢ ᠭᠡᠭᠦᠦ ᠶᠢᠨ ᠰᠢᠭᠡᠰᠦ ᠦᠨ᠎ᠡ ᠳᠤ ᠬᠦᠷᠴᠤ ᠪᠠᠶᠢᠨ᠎ᠠ
ᠨᠡᠶᠢᠲᠡᠯᠡᠭᠰᠡᠨ ᠴᠠᠭ᠄
2024/2/27
   ᠦᠨᠢᠶᠡᠨ ᠰᠦ᠋ ᠠᠴᠠ ᠦᠨᠡᠲᠡᠢ᠂ ᠬᠡᠭᠡᠯ ᠲᠠᠢ ᠭᠡᠭᠦᠦ ᠶᠢᠨ ᠰᠢᠭᠡᠰᠦ ᠦᠨ᠎ᠡ ᠳᠤ ᠬᠦᠷᠴᠤ ᠪᠠᠶᠢᠨ᠎ᠠ ᠰᠢᠨᠵᠢᠶᠠᠩ ᠤᠨ ᠵᠣᠣ ᠰᠦ ᠰᠢᠶᠠᠨ ᠤ ᠵᠣᠣ ᠰᠦ ᠠᠳᠤᠭᠤᠨ ᠤ ᠲᠠᠯᠠᠪᠠᠶ ᠶᠢᠨ ᠬᠡᠭᠡᠯ ᠲᠠᠢ ᠭᠡᠭᠦᠦ ᠶᠢᠨ ᠰᠢᠭᠡᠰᠦᠨ ᠤ ᠰᠠᠭᠤᠷᠢᠨ ᠭᠠᠵᠠᠷ ᠲᠤ᠂ 800 ᠬᠡᠭᠡᠯᠲᠦᠭᠰᠡᠨ ᠭᠡᠭᠦᠦ ᠶᠢ ᠬᠠᠰᠢᠶᠠᠨ ᠳᠠᠭᠠᠨ ᠤᠶᠠᠵᠤ᠂ ᠠᠵᠢᠯᠲᠠᠳ ᠡᠪᠡᠰᠦ ᠪᠣᠷᠳᠤᠭ᠎ᠠ ᠢᠳᠡᠭᠦᠯᠵᠦ᠂ ᠬᠡᠭᠡᠯᠲᠦᠭᠰᠡᠨ ᠭᠡᠭᠦᠦ ᠶᠢᠨ ᠰᠢᠬᠡᠰᠤ ᠶᠢ ᠬᠤᠷᠢᠶᠠᠵᠤ ᠪᠠᠶᠢᠨ᠎ᠠ᠃ ᠰᠢᠨᠵᠢᠯᠡᠬᠦ ᠤᠬᠠᠭᠠᠨᠴᠢ ᠠᠷᠭ᠎ᠠ ᠪᠠᠷᠢᠯ ᠢᠶᠠᠷ ᠬᠡᠭᠡᠯ ᠲᠠᠢ ᠭᠡᠭᠦᠦ ᠶᠢᠨ ᠰᠢᠭᠡᠰᠦ ᠠᠴᠠ ᠬᠥᠮᠦᠨ ᠲᠥᠷᠥᠯᠬᠢᠲᠡᠨ ᠤ ᠭᠧᠨ ᠲᠠᠢ ᠬᠠᠮᠤᠭ ᠣᠶᠢᠷᠠᠯᠴᠠᠭ᠎ᠠ ᠡᠮ᠎ᠡ ᠬᠤᠷᠮᠣᠨ ᠢ ᠭᠠᠷᠭᠠᠨ ᠠᠪᠴᠤ᠂ ᠭᠤᠣᠯᠳᠠᠭᠤ ᠹᠢᠽᠢᠣᠯᠣᠭᠢ ᠶᠢᠨ ᠪᠠ ᠡᠪᠡᠳᠴᠢᠨ ᠤ ᠵᠦᠢ ᠶᠢᠨ ᠰᠢᠯᠲᠠᠭᠠᠨ ᠠᠴᠠ ᠪᠣᠯᠤᠭᠰᠠᠨ ᠡᠮ᠎ᠡ ᠬᠤᠷᠮᠣᠨ ᠤ ᠰᠢᠭᠦᠷᠡᠯᠲᠡ ᠭᠦᠢᠴᠡᠳ ᠪᠤᠰᠤ ᠵᠢᠴᠢ ᠡᠭᠦᠨ ᠠᠴᠠ ᠪᠣᠯᠤᠭᠰᠠᠨ ᠡᠮᠡᠭᠲᠡᠶᠢᠴᠦᠳ ᠤᠨ ᠴᠡᠪᠡᠷᠰᠢᠬᠦ ᠬᠤᠭᠤᠴᠠᠭᠠᠨ ᠤ ᠨᠡᠶᠢᠯᠡᠭ ᠭᠡᠮ᠂ ᠶᠠᠰᠤᠨ ᠤ ᠡᠳ᠋ ᠰᠡᠶᠢᠵᠷᠡᠭᠵᠢᠬᠦ ᠪᠠ ᠵᠢᠷᠦᠬᠡᠨ ᠲᠢᠲᠢᠮ ᠤᠨ ᠡᠪᠡᠳᠴᠢᠨ ᠢ ᠰᠡᠷᠭᠡᠶᠢᠯᠡᠨ ᠵᠠᠰᠠᠬᠤ ᠳᠤ ᠬᠡᠷᠡᠭᠯᠡᠨ᠎ᠡ᠃ ︽ᠰᠠᠭᠤᠷᠢᠨ ᠭᠠᠵᠠᠷ + ᠬᠤᠷᠰᠢᠶ᠎ᠠ + ᠲᠠᠷᠢᠶᠠᠴᠢᠨ ᠡᠷᠦᠬᠡ︾ ᠶᠢᠨ ᠬᠥᠭᠵᠢᠯᠲᠡ ᠶᠢᠨ ᠵᠠᠭᠪᠤᠷ ᠤᠨ ᠲᠣᠭᠤᠷᠢᠨ ᠳᠤ᠂ ᠵᠣᠣ ᠰᠦ ᠠᠳᠤᠭᠤᠨ ᠤ ᠲᠠᠯᠠᠪᠠᠶ ᠲᠡᠵᠢᠭᠡᠨ ᠦᠷᠡᠵᠢᠭᠦᠯᠬᠦ ᠲᠣᠮᠣ ᠡᠷᠦᠬᠡ ᠶᠢ ᠢᠳᠡᠪᠬᠢᠲᠡᠶ ᠬᠥᠲᠥᠯᠥᠨ ᠵᠢᠯᠣᠭᠤᠳᠴᠤ᠂ ᠬᠡᠭᠡᠯ ᠲᠠᠢ ᠭᠡᠭᠦᠦ ᠶᠢᠨ ᠰᠢᠭᠡᠰᠦ ᠺᠢᠯᠣᠭ᠍ᠷᠠᠮ ᠪᠦᠷᠢ ᠳᠡᠭᠡᠨ 9 ᠲᠥᠭᠦᠷᠢᠭ ᠤᠨ ᠦᠨ᠎ᠡ ᠪᠠᠷ ᠺᠣᠮᠫᠠᠨᠢ ᠲᠠᠢ ᠭᠡᠷ᠎ᠡ ᠲᠣᠭᠲᠠᠪᠠ᠃ ᠡᠨᠡ ᠡᠪᠦᠯ᠂ ᠬᠡᠭᠡᠯ ᠲᠠᠢ ᠭᠡᠭᠦᠦ ᠶᠢᠨ ᠰᠢᠭᠡᠰᠦᠨ ᠤ ᠰᠠᠭᠤᠷᠢᠨ ᠭᠠᠵᠠᠷ 200 ᠭᠠᠷᠤᠶ ᠲᠦᠮᠡᠨ ᠲᠥᠭᠦᠷᠢᠭ ᠤᠨ ᠠᠵᠤ ᠠᠬᠤᠶ ᠶᠢᠨ ᠦᠷ᠎ᠡ ᠠᠰᠢᠭ ᠣᠯᠤᠨ᠎ᠠ᠃ ᠣᠶᠢᠯᠠᠭᠠᠭᠰᠠᠨ ᠢᠶᠠᠷ᠂ ᠬᠡᠭᠡᠯ ᠲᠠᠢ ᠭᠡᠭᠦᠦ ᠵᠢᠯ ᠪᠦᠷᠢ ᠶᠢᠨ 10 ᠰᠠᠷ᠎ᠠ ᠠᠴᠠ ᠢᠷᠡᠬᠦ ᠵᠢᠯ ᠤᠨ 3 ᠰᠠᠷ᠎ᠠ ᠪᠣᠯᠲᠠᠯ᠎ᠠ ᠬᠠᠰᠢᠶᠠᠯᠠᠵᠤ ᠲᠡᠵᠢᠭᠡᠨ᠎ᠡ᠂ ᠡᠨᠡ ᠪᠣᠯ ᠬᠡᠭᠡᠯ ᠲᠠᠢ ᠭᠡᠭᠦᠦ ᠶᠢᠨ ᠰᠢᠭᠡᠰᠦ ᠬᠤᠷᠢᠶᠠᠬᠤ ᠬᠤᠭᠤᠴᠠᠭ᠎ᠠ ᠪᠣᠯᠤᠨ᠎ᠠ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号