ᠴᠠᠭᠠᠨ ᠰᠠᠷ᠎ᠠ ᠶᠢᠨ ᠴᠠᠭᠠᠷᠢᠭ ᠪᠤᠤᠪᠤ
ᠨᠡᠶᠢᠲᠡᠯᠡᠭᠰᠡᠨ ᠴᠠᠭ᠄
2024/2/22
   ᠪᠦᠲᠦᠨ ᠵᠢᠯ ᠶᠠᠭᠠᠷᠠᠯ᠎ᠠ᠂ ᠪᠢᠲᠡᠭᠦᠨ ᠤ ᠬᠤᠭᠤᠯᠠ ᠪᠠᠵᠠᠭᠠᠬᠤ ᠪᠤᠯ ᠨᠢᠭᠡ ᠵᠢᠯ ᠤᠨ ᠲᠤᠷᠰᠢᠬᠢ ᠶᠣᠰᠣᠯᠠᠯ ᠤᠨ ᠲᠦᠷᠦᠭᠳᠡᠯ ᠢᠢᠡᠷ ᠬᠠᠮᠤᠭ ᠤᠨ ᠶᠡᠭᠡ ᠠᠵᠢᠯᠯᠠᠭ᠎ᠠ ᠮᠦᠷᠳᠡᠭᠡᠨ ᠢᠳᠡᠭᠡᠨ ᠤ ᠲᠦᠷᠦᠯ ᠵᠦᠢᠯ ᠢᠢᠡᠷ ᠡᠯᠪᠡᠭ ᠳᠠᠩᠰᠤᠭ ᠂ ᠪᠤᠯᠭᠤᠵᠤ ᠪᠤᠯᠪᠠᠰᠤᠷᠠᠭᠤᠯᠬᠤ ᠶᠠᠪᠤᠴᠠ ᠲᠦᠢᠯ ᠤᠨ ᠪᠤᠳᠤᠯᠢᠶᠠᠨᠲᠠᠢ ᠨᠢᠭᠡ ᠤᠳᠠᠭᠠᠨ ᠤ ᠭᠡᠷ ᠬᠤᠳᠠᠯᠠᠭᠠᠷ ᠢᠢᠡᠨ ᠴᠤᠭᠯᠠᠷᠠᠨ ᠨᠠᠶᠢᠷᠠᠯᠠᠬᠤ ᠬᠠᠮᠲᠤ ᠢᠢᠨ ᠬᠤᠭᠤᠯᠠ ᠪᠣᠯᠬᠤ ᠨᠢ ᠳᠠᠮᠵᠢᠭ ᠦᠭᠡᠢ᠃ ᠪᠤᠭᠤᠲᠤ ᠬᠤᠲᠠ ᠶᠢᠨ ᠲᠦᠮᠡᠳ ᠪᠠᠷᠠᠭᠤᠨ ᠬᠤᠰᠢᠭᠤᠨ ᠤ ᠬᠤᠪᠢ ᠳᠤ᠂ ᠪᠢᠲᠡᠭᠦᠨ ᠤ ᠬᠤᠭᠤᠯᠠ ᠢᠢᠨ ᠰᠢᠷᠡᠭᠡᠨ ᠳᠤ ᠳᠤᠲᠠᠭᠳᠠᠵᠤ ᠪᠣᠯᠤᠰᠢ ᠥᠬᠡᠶ ᠨᠢᠭᠡᠨ ᠢᠳᠡᠭᠡᠨ ᠪᠤᠯ ᠴᠠᠭᠠᠷᠢᠭ ᠪᠤᠤᠪᠤ ᠪᠤᠯᠤᠨ᠎ᠠ᠃ ᠡᠨᠡ ᠬᠦ ᠲᠤᠰᠤᠨ ᠳᠤ ᠬᠠᠭᠠᠷᠢᠭᠰᠠᠨ ᠵᠢᠵᠢᠭᠬᠡᠨ ᠪᠤᠭᠤᠷᠰᠤᠭ ᠨᠢ ᠥᠨᠢ ᠤᠳᠠᠭᠠᠨ ᠤᠯᠠᠮᠵᠢᠯᠠᠯ ᠲᠠᠢ ᠪᠠᠶᠢᠵᠤ᠂ ᠴᠡᠯᠡᠭᠡᠷ ᠲᠠᠯ᠎ᠠ ᠶᠢᠨ ᠠᠮᠲᠠᠲᠤ ᠢᠳᠡᠭᠡᠨ ᠤ ᠰᠣᠶᠣᠯ ᠤᠨ ᠦᠦᠭᠡ ᠲᠡᠦᠬᠡ ᠠᠭᠤᠯᠤᠭᠳᠠᠵᠤ ᠪᠠᠶᠢᠳᠠᠭ᠃    ᠵᠢᠯ ᠪᠦᠷᠢ ᠶᠢᠨ ᠬᠦᠬᠡᠭᠡ ᠡᠪᠦᠯ ᠤᠨ ᠯᠡ ᠰᠠᠷ᠎ᠠ ᠪᠤᠯᠬᠤ ᠳᠤ᠂ ᠲᠦᠮᠡᠳ ᠪᠠᠷᠠᠭᠤᠨ ᠬᠤᠰᠢᠭᠤᠨ ᠤ ᠵᠠᠩᠵᠤᠨ ᠶᠣᠣ ᠪᠠᠯᠭᠠᠰᠤᠨ ᠤ ᠠᠶᠢᠯ ᠡᠷᠦᠭᠡ ᠪᠤᠯᠭᠠᠨ ᠲᠤᠭᠤᠭ᠎ᠠ ᠲᠤᠭᠤᠭ᠎ᠠ ᠪᠠᠷ ᠴᠠᠭᠠᠷᠢᠭ ᠪᠤᠤᠪᠤ ᠬᠠᠭᠠᠷᠢᠵᠤ ᠶᠠᠭᠠᠷᠠᠯᠳᠤᠨ᠂ ᠵᠠᠷᠢᠮ ᠨᠢ ᠨᠠᠶᠢᠵᠠ ᠶᠢᠨ ᠲᠤᠭᠤᠷᠢᠭ ᠲᠠᠭᠠᠨ ᠭᠠᠶᠢᠬᠠᠭᠤᠯᠵᠤ᠂ ᠵᠠᠷᠢᠮ ᠨᠢ ᠰᠠᠳᠤᠨ ᠲᠦᠷᠦᠯ ᠨᠠᠶᠢᠵᠠ ᠨᠦᠬᠦᠳ ᠲᠡᠭᠡᠨ ᠬᠦᠷᠭᠡᠵᠤ᠂ ᠵᠠᠷᠢᠮ ᠨᠢ ᠵᠡᠭᠡᠯᠢ ᠳᠡᠭᠡᠷ᠎ᠠ ᠠᠪᠠᠴᠢᠵᠤ ᠬᠤᠳᠠᠯᠳᠤᠨ᠎ᠠ ᠁    ᠴᠠᠭᠠᠷᠢᠭ ᠪᠤᠤᠪᠤ ᠢᠢ ᠬᠢᠲᠠᠳ ᠠᠷᠠᠳ ︽ᠵᠢᠤ ᠺᠦ ᠯᠢᠤᠸᠠᠢ︾ ᠭᠡᠵᠦ ᠨᠡᠷᠡᠯᠡᠳᠡᠭ᠃ ︽ᠵᠢᠤ︾ ᠨᠢ ᠲᠤᠰᠤᠨ ᠳᠤ ᠪᠤᠴᠠᠯᠭᠠᠭᠰᠠᠨ ᠢ ᠵᠢᠭᠠᠵᠤ᠂ ︽ᠺᠦ ᠯᠢᠤᠸᠠᠢ︾ ᠨᠢ ᠮᠤᠩᠭᠤᠯ ᠦᠬᠡᠨ ᠤ ︽ᠬᠦᠷᠢᠶ᠎ᠠ︾ ᠭᠡᠰᠡᠨ ᠤᠳᠬ᠎ᠠ ᠲᠠᠢ᠂ ᠬᠦᠷᠢᠶ᠎ᠠ ᠰᠢᠭ ᠴᠠᠭᠠᠷᠢᠭᠯᠠᠨ ᠪᠠᠷᠢᠭᠰᠠᠨ ᠢ ᠳᠦᠷᠰᠦᠯᠡᠨ᠎ᠠ᠃ ᠴᠠᠭᠠᠷᠢᠭ ᠪᠤᠤᠪᠤ ᠢᠢ ᠨᠤᠳᠤᠭ ᠤᠨ ᠠᠷᠠᠳ ᠲᠤᠰᠤᠨ ᠳᠤ ᠬᠠᠭᠠᠷᠢᠭᠰᠠᠨ ᠴᠠᠭᠠᠷᠢᠭ ᠪᠤᠤᠪᠤ᠂ ᠴᠠᠭᠠᠷᠢᠭ ᠪᠤᠭᠤᠷᠰᠤᠭ᠂ ᠴᠠᠭᠠᠷᠢᠭ ᠪᠤᠤᠪᠤ᠂ ᠲᠦᠭᠦᠷᠢᠭ ᠪᠤᠤᠪᠤ᠂ ᠲᠤᠰᠤᠨ ᠮᠠᠨᠳᠠᠤ ᠭᠡᠵᠦ ᠤᠯᠠᠨ ᠶᠠᠩᠵᠤ ᠪᠠᠷ ᠨᠡᠷᠡᠯᠡᠳᠡᠭ᠂ ᠶᠡᠷᠦᠩᠬᠡᠢ ᠳᠡᠭᠡᠨ ᠪᠦᠷ ᠴᠠᠭᠠᠷᠢᠭ ᠬᠡᠯᠪᠡᠷᠢ ᠲᠠᠢ ᠬᠠᠭᠠᠷᠢᠵᠤ᠂ ᠵᠤᠵᠠᠭᠠᠪᠳᠤᠷ᠂ ᠤᠯᠠᠭᠠᠨ ᠪᠤᠶᠤ ᠰᠢᠷᠠᠪᠳᠤᠷ ᠦᠩᠭᠡ ᠲᠠᠢ ᠪᠠᠶᠢᠳᠠᠭ᠃ ᠲᠦᠮᠡᠳ ᠪᠠᠷᠠᠭᠤᠨ ᠬᠤᠰᠢᠭᠤᠨ ᠤ ᠠᠷᠠᠳ ᠤᠨ ᠳᠠᠭᠤᠤ ᠳᠤ ︽ᠴᠠᠭᠠᠷᠢᠭ ᠪᠤᠤᠪᠤ ᠴᠠᠭᠠᠷᠢᠭ ᠪᠤᠤᠪᠤ᠂ ᠵᠦᠭᠡᠯᠡᠨ ᠮᠦᠷᠳᠡᠭᠡᠨ ᠠᠮᠳᠠᠳᠠᠢ︾ ᠭᠡᠵᠦ ᠳᠠᠭᠤᠯᠠᠳᠠᠭ ᠪᠢᠯᠡ᠃    ᠴᠠᠭᠠᠷᠢᠭ ᠪᠤᠤᠪᠤ ᠬᠢᠬᠦ ᠦᠢᠯᠡᠳᠭᠡᠯ ᠤᠨ ᠭᠠᠵᠠᠷ ᠲᠤ ᠤᠷᠤᠪᠠᠯ᠂ ᠫᠢᠯᠡ ᠫᠢᠯᠡ ᠪᠠᠷ ᠦᠷᠦᠵᠦ ᠲᠠᠯᠪᠢᠭᠰᠠᠨ ᠠᠯᠳᠠᠨ ᠰᠢᠷᠭᠠᠯ ᠦᠩᠭᠡ ᠲᠠᠢ ᠴᠠᠭᠠᠷᠢᠭ ᠪᠤᠤᠪᠤ ᠡᠩ ᠲᠡᠷᠢᠭᠦᠨ ᠳᠤ ᠬᠠᠷᠠᠭᠳᠠᠨ᠎ᠠ᠃ ᠦᠢᠯᠡᠳᠭᠡᠯ ᠤᠨ ᠭᠠᠵᠠᠷ ᠨᠢ ᠵᠢᠵᠢᠭᠭᠡᠨ ᠪᠣᠯᠪᠠᠴᠤ ᠴᠡᠪᠡᠷ ᠴᠡᠮᠴᠡᠭᠡᠷ ᠪᠠᠶᠢᠵᠤ᠂ ᠬᠦᠮᠦᠰ ᠢ ᠰᠢᠯᠤᠰᠤ ᠬᠤᠷᠠᠭᠤᠯᠤᠮ᠎ᠠ ᠢᠳᠡᠭᠡᠨ ᠤ ᠳᠤᠷᠠᠰᠢᠯ ᠲᠠᠢ ᠪᠤᠯᠭᠠᠳᠠᠭ᠃ ᠰᠠᠶ᠋ᠢᠬᠠᠨ ᠬᠠᠭᠠᠷᠢᠭᠰᠠᠨ ᠴᠠᠭᠠᠷᠢᠭ ᠪᠤᠤᠪᠤ ᠢᠢ ᠬᠠᠯᠠᠭᠤᠨ ᠳᠡᠭᠡᠷ᠎ᠠ ᠨᠢ ᠨᠢᠭᠡ ᠬᠠᠵᠠᠵᠤ ᠢᠳᠡᠪᠡᠯ᠂ ᠵᠦᠭᠡᠯᠡᠨ ᠪᠦᠬᠡᠤᠨ ᠬᠦᠪᠰᠦᠬᠡᠷ ᠮᠦᠷᠳᠡᠬᠡᠨ ᠤᠨᠴᠠ ᠠᠮᠳᠠᠳᠠᠢ ᠪᠠᠶᠢᠳᠠᠭ᠃    ᠦᠢᠯᠡᠳᠭᠡᠯ ᠤᠨ ᠭᠠᠵᠠᠷ ᠤᠨ ᠡᠵᠡᠨ ᠤ ᠲᠠᠨᠢᠯᠴᠠᠭᠤᠯᠤᠭᠰᠠᠨ ᠢᠶᠠᠷ᠂ ᠴᠠᠭᠠᠷᠢᠭ ᠪᠤᠤᠪᠤ ᠬᠢᠬᠦ ᠢᠳᠡᠭᠡᠨ ᠤ ᠮᠠᠲ᠋ᠧᠷᠢᠶᠠᠯ ᠳᠤ ᠭᠤᠤᠯᠳᠠᠭᠤ ᠪᠤᠭᠤᠷᠰᠤᠭ ᠤᠨ ᠭᠤᠯᠢᠷ ᠪᠠ ᠬᠤᠮᠠ ᠶᠢᠨ ᠲᠣᠰᠤ ᠪᠠᠶᠢᠵᠤ᠂ ᠪᠤᠯᠭᠤᠵᠤ ᠪᠤᠯᠪᠠᠰᠤᠷᠠᠭᠤᠯᠬᠤ ᠶᠠᠪᠤᠴᠠ ᠨᠢ ᠪᠠᠰᠠ ᠨᠡᠯᠢᠶᠡᠳ ᠪᠤᠳᠤᠯᠢᠶᠠᠨᠲᠠᠢ᠂ ᠬᠠᠯᠢᠰᠤᠯᠠᠬᠤ᠂ ᠤᠬᠢᠶᠠᠬᠤ᠂ ᠬᠠᠭᠤᠷᠬᠤ᠂ ᠭᠤᠯᠢᠷ ᠢᠢᠡᠨ ᠨᠤᠬᠤᠬᠤ᠂ ᠢᠰᠭᠡᠬᠦ ᠵᠡᠷᠭᠡ ᠶᠠᠪᠤᠴᠠ ᠬᠡᠷᠡᠭᠰᠡᠨ᠎ᠠ᠃    ᠣᠶᠢᠯᠠᠭᠠᠭᠰᠠᠨ ᠢᠶᠠᠷ᠂ ᠴᠠᠭᠠᠷᠢᠭ ᠪᠤᠤᠪᠤ ᠬᠢᠬᠦ ᠤᠷ᠎ᠠ ᠮᠡᠷᠭᠡᠰᠢᠯ ᠨᠢ ᠥᠨᠢ ᠤᠳᠠᠭᠠᠨ ᠤᠯᠠᠮᠵᠢᠯᠠᠯ ᠲᠠᠢ ᠶᠤᠮ᠂ ᠮᠢᠩ ᠤᠯᠤᠰ ᠤᠨ ᠦᠶ᠎ᠡ ᠠᠴᠠ ᠡᠬᠢᠯᠡᠵᠦ ᠣᠲᠣ ᠪᠣᠯᠲᠠᠯ᠎ᠠ ᠤᠯᠠᠮᠵᠢᠯᠠᠭᠳᠠᠨ᠂ ᠴᠡᠯᠡᠭᠡᠷ ᠲᠠᠯ᠎ᠠ ᠶᠢᠨ ᠦᠨᠳᠦᠰᠦᠲᠡᠨ ᠨᠦᠭᠦᠳ ᠤᠨ ᠠᠷᠠᠳ ᠲᠦᠮᠡᠨ ᠤ ᠠᠮᠢᠳᠤᠷᠠᠯ ᠠᠭᠤᠰᠤᠯᠴᠠᠭᠰᠠᠨ ᠥᠪᠡᠷᠮᠢᠴᠡ ᠣᠨᠴᠠᠯᠢᠭ ᠲᠠᠢ ᠠᠮᠳᠠᠳᠤ ᠢᠳᠡᠭᠡᠨ ᠮᠥᠨ᠂ ᠦᠨᠳᠦᠰᠦᠲᠡᠨ ᠨᠦᠭᠦᠳ ᠤᠨ ᠠᠷᠠᠳ ᠲᠦᠮᠡᠨ ᠤ ᠡᠶ᠎ᠡ ᠨᠠᠶᠢᠷᠠᠮᠳᠠᠭᠤ ᠬᠠᠮᠳᠤ ᠤᠷᠤᠰᠢᠵᠤ ᠂ ᠥᠨᠢ ᠡᠭᠦᠷᠢᠳᠡ ᠰᠡᠳᠭᠢᠯ ᠨᠢᠭᠡᠳᠠᠢ ᠪᠦᠯᠬᠦᠮᠳᠡᠨ ᠠᠮᠢᠳᠤᠷᠠᠬᠤ ᠢᠢ ᠪᠡᠯᠭᠡᠳᠡᠵᠦ ᠪᠠᠶᠢᠳᠠᠭ᠃ ᠣᠷᠳᠣ ᠬᠤᠭᠤᠴᠠᠭᠠᠨ ᠤ ᠲᠤᠷᠰᠢ᠂ ᠴᠠᠭᠠᠷᠢᠭ ᠪᠤᠤᠪᠤ ᠶᠢᠨ ᠠᠮᠲᠠᠲᠤ ᠢᠳᠡᠭᠡᠨ ᠤ ᠰᠣᠶᠣᠯ ᠨᠢ ᠠᠷᠠᠳ ᠤᠨ ᠠᠮᠢᠳᠤᠷᠠᠯ ᠳᠤ ᠰᠢᠩᠭᠡᠵᠦ᠂ ᠠᠷᠠᠳ ᠤᠨ ᠰᠡᠳᠬᠢᠯ ᠳᠤ ᠭᠦᠨ ᠬᠠᠳᠠᠩᠰᠢᠵᠠᠢ᠃    ᠡᠳᠦᠭᠡ᠂ ᠡᠨᠡ ᠬᠦ ᠥᠨᠢ ᠤᠳᠠᠭᠠᠨ ᠲᠡᠦᠬᠡ ᠲᠠᠢ ᠴᠡᠯᠡᠭᠡᠷ ᠲᠠᠯ᠎ᠠ ᠶᠢᠨ ᠠᠮᠲᠠᠲᠤ ᠢᠳᠡᠭᠡᠨ ᠤ ᠰᠣᠶᠣᠯ ᠢ ᠤᠷᠤᠨ ᠨᠤᠳᠤᠭ ᠤᠨ ᠬᠢᠨ ᠤᠯᠠᠮᠵᠢᠯᠠᠨ ᠵᠠᠯᠭᠠᠮᠵᠢᠯᠠᠵᠤ᠂ ᠲᠤᠬᠠᠢ ᠶᠢᠨ ᠭᠠᠵᠠᠷ ᠤᠨ ᠬᠥᠳᠡᠭᠡ ᠲᠣᠰᠬᠤᠨ ᠤ ᠠᠷᠠᠳ ᠤᠯᠠᠨ ᠤ ᠴᠠᠭᠠᠨ ᠰᠠᠷ᠎ᠠ ᠶᠢᠨ ᠬᠤᠭᠤᠯᠠᠨ ᠰᠢᠷᠡᠭᠡᠨ ᠳᠠᠬᠢ ᠳᠤᠲᠠᠭᠳᠠᠵᠤ ᠪᠣᠯᠤᠰᠢ ᠥᠬᠡᠶ ᠭᠤᠤᠯ ᠢᠳᠡᠭᠡᠨ ᠪᠤᠯᠤᠭᠰᠠᠭᠠᠷ ᠢᠷᠡᠵᠦ᠂ ᠲᠣᠰᠣᠨ ᠳᠤ ᠬᠠᠭᠠᠷᠢᠭᠰᠠᠨ ᠢᠳᠡᠭᠡᠨ ᠳᠤ ᠳᠤᠷ᠎ᠠ ᠥᠬᠡᠶ ᠬᠥᠮᠦᠨ ᠴᠦ ᠭᠡᠰᠡᠨ ᠵᠢᠵᠢᠭᠬᠡᠨ ᠴᠠᠭᠠᠷᠢᠭ ᠪᠤᠤᠪᠤ ᠠᠴᠠ ᠠᠮᠰᠠᠵᠤ ᠢᠳᠡᠭᠡᠳ ᠯᠡ ᠥᠯᠵᠡᠶ ᠪᠡᠯᠭᠡ ᠲᠠᠢ ᠪᠠᠶᠠᠷ ᠪᠠᠶᠠᠰᠤᠯ ᠲᠠᠢ ᠪᠠᠶᠢᠬᠤ ᠢᠢ ᠬᠦᠰᠡᠨ ᠵᠦᠩᠨᠡᠵᠦ᠂ ᠭᠡᠷ ᠬᠤᠳᠠᠯᠠᠭᠠᠷ ᠢᠢᠡᠨ ᠡᠯᠢᠭᠡ ᠪᠦᠲᠦᠨ ᠪᠠᠶᠠᠷ ᠵᠢᠷᠭᠠᠯᠳᠠᠢ ᠪᠠᠷ ᠰᠢᠨᠡᠯᠡᠬᠦ ᠢᠢ ᠬᠦᠰᠡᠨ᠂ ᠨᠤᠳᠤᠭ ᠤᠨ ᠴᠠᠭᠠᠨ ᠰᠠᠷ᠎ᠠ ᠶᠢᠨ ᠦᠨᠦᠷ ᠠᠮᠳᠠ ᠳᠤ ᠰᠤᠭᠳᠤᠭᠤᠷᠠᠨ᠎ᠠ᠃ ᠨᠤᠳᠤᠭ ᠤᠨ ᠠᠮᠲᠠᠲᠤ ᠢᠳᠡᠭᠡᠨ ᠬᠡᠮᠡᠭᠴᠢ ᠦᠶ᠎ᠡ ᠦᠶ᠎ᠠ ᠶᠢᠨ ᠬᠥᠮᠦᠰ ᠤᠨ ᠬᠠᠯᠠᠭᠤᠨ ᠳᠤᠷᠠᠳᠬᠠᠯ ᠪᠢᠯᠡ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号