ᠪᠢᠲᠡᠭᠦᠯᠡᠬᠦ ᠲᠠᠢ ᠬᠤᠯᠪᠤᠭᠳᠠᠭᠰᠠᠨ ᠴᠡᠭᠡᠷ ᠶᠤᠰᠤᠨ
ᠨᠡᠶᠢᠲᠡᠯᠡᠭᠰᠡᠨ ᠴᠠᠭ᠄
2024/2/22
   ︽ᠬᠠᠭᠤᠴᠢᠨ ᠤᠨ ᠬᠠᠩᠬᠢᠷᠠᠰᠤᠨ ᠤᠳᠴᠤ᠂ ᠰᠢᠨ᠎ᠡ ᠤᠨ ᠰᠢᠯᠵᠢᠷᠡᠨ︾ ᠢᠷᠡᠵᠦ ᠪᠤᠢ ᠵᠢᠯ ᠤᠨ ᠡᠬᠢᠨ ᠪᠤᠯ ᠴᠠᠭᠠᠨ ᠰᠠᠷ᠎ᠠ ᠲᠤᠯᠠ ᠮᠤᠩᠭᠤᠯᠴᠤᠳ ᠤᠨ ᠲᠤᠬᠠᠢ ᠳᠤ ᠰᠢᠨ᠎ᠡ ᠤᠨ ᠤ ᠪᠠᠶᠠᠷ ᠶᠤᠮ᠃ ᠠᠯᠢᠪᠠ ᠠᠷᠠᠳ ᠲᠦᠮᠡᠨ ᠰᠢᠨ᠎ᠡ ᠵᠢᠯ᠂ ᠰᠢᠨ᠎ᠡ ᠤᠨ ᠲᠠᠢ ᠪᠠᠨ ᠤᠭᠲᠤᠨ ᠵᠤᠯᠭᠠᠬᠤ ᠪᠠᠶᠠᠷ ᠬᠤᠷᠢᠮ ᠤᠨ ᠦᠪᠡᠷᠮᠢᠴᠡ ᠶᠤᠰᠤ ᠵᠠᠩᠰᠢᠯ ᠲᠠᠢ ᠪᠠᠶᠢᠳᠠᠭ ᠪᠦᠭᠡᠳ ᠦᠢᠯᠡᠳᠬᠦ ᠵᠠᠩ ᠦᠢᠯᠡ ᠪᠦᠷᠢ ᠨᠢ ᠰᠢᠨ᠎ᠡ ᠤᠨ ᠳᠠᠭᠠᠨ ᠰᠠᠶᠢᠨ ᠰᠠᠶᠢᠬᠠᠨ ᠪᠠᠶᠢᠬᠤ ᠶᠢ ᠪᠡᠯᠭᠡᠳᠡᠨ ᠵᠦᠩᠨᠡᠭᠰᠡᠨ ᠦᠨᠢ ᠡᠷᠲᠡᠨ ᠤ ᠤᠯᠠᠮᠵᠢᠯᠠᠯᠲᠠᠢ᠂ ᠤᠯᠠᠨ ᠵᠠᠭᠤᠨ ᠤ ᠲᠡᠦᠬᠡ ᠲᠠᠢ᠂ ᠡᠯᠪᠡᠭ ᠶᠤᠰᠤ ᠲᠦᠷᠦ ᠲᠠᠢ ᠬᠠᠮᠤᠭ ᠤᠨ ᠲᠤᠮᠤ ᠪᠠᠶᠠᠷ ᠶᠤᠮ᠃ ᠮᠤᠩᠭᠤᠯᠴᠤᠳ ᠴᠠᠭᠠᠨ ᠰᠠᠷ᠎ᠠ ᠶᠢ ︽ᠨᠠᠰᠤ ᠨᠡᠮᠡᠭᠰᠡᠨ ᠤ ᠪᠠᠶᠠᠷ︾ ᠬᠡᠮᠡᠨ ᠶᠡᠬᠡᠳᠡ ᠪᠡᠯᠭᠡᠰᠢᠶᠡᠵᠦ᠂ ᠠᠯᠢᠪᠠ ᠠᠮᠢᠲᠠᠨ ᠤ ᠨᠠᠰᠤ ᠶᠢ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠢᠶᠠᠷ ᠵᠠᠭᠠᠭᠯᠠᠨ ᠪᠤᠳᠤᠳᠠᠭ᠃ ᠲᠤᠬᠠᠶᠢᠯᠠᠪᠠᠯ᠂ ᠡᠪᠦᠯ ᠤᠨ ᠠᠳᠠᠭ ᠰᠠᠷ᠎ᠠ ᠶᠢᠨ ᠪᠢᠲᠡᠭᠦᠨ ᠳᠤ ᠲᠦᠷᠦᠭᠰᠡᠨ ᠬᠡᠦᠬᠡᠳ ᠢ ᠮᠠᠷᠭᠠᠰᠢ ᠨᠢ ᠬᠤᠶᠠᠷ ᠨᠠᠰᠤ ᠲᠠᠢ ᠬᠡᠮᠡᠳᠡᠭ᠃ ᠴᠠᠭᠠᠨ ᠰᠠᠷ᠎ᠠ ᠭᠠᠷᠤᠮᠠᠭᠴᠠ ᠬᠦᠮᠦᠨ ᠪᠦᠭᠦᠨ ᠨᠢᠭᠡ ᠨᠠᠰᠤ ᠨᠡᠮᠡᠵᠦ᠂ ᠨᠠᠰᠤ ᠨᠡᠮᠡᠭᠰᠡᠨ ᠤ ᠪᠠᠶᠠᠷ ᠢ ᠲᠦᠷᠦᠯ ᠲᠦᠷᠦᠭᠰᠡᠳ ᠵᠤᠨ ᠤᠯᠠᠨ ᠢᠶᠠᠷ ᠢᠶᠠᠨ ᠲᠡᠮᠲᠡᠭᠯᠡᠵᠦ ᠪᠠᠶᠢᠭ᠎ᠠ ᠪᠤᠯᠬᠤ ᠪᠠᠷ ᠨᠢᠭᠡ ᠶᠤᠰᠤᠨ ᠤ ᠪᠦᠬᠦ ᠬᠦᠮᠦᠨ ᠤ ︽ᠲᠦᠷᠦᠭᠰᠡᠨ ᠡᠳᠦᠷ ᠤᠨ ᠪᠠᠶᠠᠷ︾ ᠪᠤᠯᠵᠦ ᠪᠤᠢ ᠬᠡᠷᠡᠭ ᠶᠤᠮ᠃ ᠪᠠᠰᠠ ︽ᠬᠦᠢᠲᠡᠨ ᠤ ᠠᠮᠠ ᠴᠠᠰᠢᠯᠠᠵᠤ᠂ ᠬᠦᠬᠦᠦᠷ ᠤᠨ ᠠᠮᠠ ᠨᠠᠰᠢᠯᠠᠵᠤ︾ ᠤᠷᠭᠤᠨ ᠲᠦᠯᠵᠢᠬᠦ ᠶᠢᠨ ᠡᠬᠢᠨ᠂ ᠤᠷᠢᠨ ᠬᠠᠪᠤᠷ ᠲᠠᠢ ᠵᠤᠯᠭᠠᠵᠤ ᠪᠤᠢ ᠪᠠᠶᠠᠷᠲᠦ ᠮᠦᠴᠡ ᠶᠤᠮ᠃ ᠨᠡᠭᠦᠳᠡᠯᠴᠢᠨ᠂ ᠮᠠᠯᠴᠢᠨ ᠤᠳᠤᠮᠲᠤ ᠮᠤᠩᠭᠤᠯᠴᠤᠳ ᠤᠨ ᠲᠤᠬᠠᠢ ᠳᠤ ᠡᠪᠦᠯ ᠢ ᠦᠩ ᠲᠠᠢ ᠲᠤᠭᠤᠯᠵᠤ᠂ ᠦᠰᠦᠨ ᠳᠡᠯᠭᠡᠷᠬᠦ ᠬᠠᠪᠤᠷ ᠴᠠᠭ ᠲᠠᠢ ᠵᠤᠯᠭᠠᠬᠤ ᠨᠢ ᠦᠨᠡᠬᠡᠷ ᠶᠡᠭᠡ ᠪᠠᠶᠠᠷ ᠤᠨ ᠨᠢᠭᠡ ᠪᠢᠯᠡ᠃ ᠡᠶᠢᠨᠬᠦ ᠬᠠᠪᠤᠷ ᠤᠨ ᠪᠠᠶᠠᠷ ᠳᠠᠪᠬᠤᠷᠯᠠᠭᠰᠠᠨ᠂ ᠪᠡᠯᠭᠡ ᠳᠡᠮᠪᠡᠷᠡᠯ᠂ ᠦᠯᠵᠡᠢ ᠤᠴᠠᠷᠠᠯ ᠪᠦᠷᠢᠳᠦᠭᠰᠡᠨ ᠰᠠᠶᠢᠨ ᠡᠳᠦᠷ ᠢᠶᠠᠨ ᠴᠠᠭᠠᠨ ᠰᠠᠷ᠎ᠠ ᠬᠡᠮᠡᠨ ᠨᠡᠷᠡᠯᠡᠭᠰᠡᠨ ᠨᠢ ᠤᠳᠬ᠎ᠠ ᠤᠴᠢᠷᠲᠠᠢ᠃ ᠴᠠᠭᠠᠨ ᠦᠩᠭᠡ ᠪᠤᠯ ᠮᠤᠩᠭᠤᠯᠴᠤᠳ ᠤᠨ ᠬᠠᠮᠤᠭ ᠤᠨ ᠡᠷᠬᠢᠮᠯᠡᠨ ᠳᠡᠭᠡᠳᠦᠯᠡᠳᠡᠭ᠂ ᠦᠯᠵᠡᠢ ᠪᠡᠯᠭᠡ ᠲᠠᠢ᠂ ᠪᠠᠶᠠᠷ ᠵᠢᠷᠭᠠᠯ ᠤᠨ ᠦᠩᠭᠡ ᠶᠤᠮ᠃ ᠮᠤᠩᠭᠤᠯ ᠬᠡᠯᠡᠨ ᠤ ᠴᠠᠭᠠᠨ ᠰᠠᠷ᠎ᠠ᠂ ᠴᠠᠭᠠᠨ ᠰᠡᠳᠬᠢᠯ᠂ ᠴᠠᠭᠠᠨ ᠵᠦᠭ᠂ ᠴᠠᠭᠠᠨ ᠦᠢᠯᠡ᠂ ᠴᠠᠭᠠᠨ ᠵᠠᠮ᠂ ᠴᠠᠭᠠᠨ ᠭᠠᠵᠠᠷ᠂ ᠴᠠᠭᠠᠨ ᠪᠤᠶᠠᠨ᠂ ᠴᠠᠭᠠᠨ ᠢᠳᠡᠭᠡ᠂ ᠴᠠᠭᠠᠨ ᠬᠠᠨᠢᠶᠠᠳᠤ ︵ᠬᠦᠩᠭᠡᠨ ᠬᠠᠨᠢᠶᠠᠳᠤ︶ ᠭᠡᠬᠦ ᠮᠡᠲᠦ ᠦᠭᠡᠰ ᠴᠤ ᠤᠭ ᠦᠩᠭᠡᠨ ᠤ ᠪᠡᠯᠭᠡᠳᠡᠯ ᠢ ᠭᠡᠷᠡᠴᠢᠯᠡᠵᠦ ᠪᠠᠶᠢᠨ᠎ᠠ᠃ ᠠᠶᠢᠯ ᠳᠤ ᠢᠷᠡᠭᠰᠡᠨ ᠵᠤᠴᠢᠨ ᠭᠡᠶᠢᠴᠢᠨ᠂ ᠢᠳᠡᠭᠡ ᠪᠤᠳᠠᠭ᠎ᠠ ᠡᠯᠪᠡᠭ ᠳᠡᠯᠪᠡᠭ᠂ ᠵᠦᠢᠯ ᠪᠦᠷᠢ ᠪᠠᠷ ᠢᠶᠠᠨ ᠪᠠᠶᠢᠯ᠎ᠠ ᠴᠤ ᠭᠡᠰᠡᠨ᠂ ᠶᠠᠭᠤᠨ ᠤ ᠡᠮᠦᠨ᠎ᠡ ᠴᠠᠭᠠᠨ ᠢᠳᠡᠭᠡᠨ ᠠᠴᠠ ᠠᠮᠠ ᠬᠦᠷᠴᠤ ᠭᠠᠷᠳᠠᠭ ᠵᠠᠩᠰᠢᠯ ᠲᠠᠢ᠃    ᠡᠨᠡ ᠨᠢ ᠲᠡᠷᠡᠬᠦ ᠵᠤᠴᠢᠨ ᠭᠡᠶᠢᠴᠢᠨ ᠤ ᠠᠵᠢᠯ ᠶᠠᠪᠤᠳᠠᠯ᠂ ᠦᠢᠯᠡ ᠬᠡᠷᠡᠭ ᠰᠠᠭᠠᠳ ᠳᠠᠳᠬᠠᠷ ᠦᠭᠡᠢ ᠴᠠᠭᠠᠨ ᠮᠦᠷ ᠢᠶᠠᠷ ᠪᠦᠳᠦᠬᠦ ᠪᠤᠯᠲᠤᠭᠠᠢ ᠬᠡᠮᠡᠭᠰᠡᠨ ᠪᠡᠯᠭᠡᠳᠡᠯ ᠶᠤᠮ᠃ ᠪᠢᠳᠡ ᠪᠦᠬᠦᠨ ᠤ ᠰᠠᠶᠢᠨ ᠮᠡᠳᠡᠬᠦ ᠮᠠᠷᠺᠤ ᠫᠤᠯᠤ ︵13 ᠵᠠᠭᠤᠨ ᠤ ᠦᠶ᠎ᠡ ᠳᠤ ᠮᠤᠩᠭᠤᠯ ᠳᠤ ᠢᠷᠡᠵᠦ ᠤᠯᠠᠨ ᠵᠢᠯ ᠪᠤᠯᠤᠭᠰᠠᠨ ᠡᠸᠦ᠋ᠷᠤᠫᠠ ᠶᠢᠨ ᠵᠢᠭᠤᠯᠴᠢᠨ︶᠎ ᠶᠢᠨ ᠲᠡᠮᠳᠡᠭᠯᠡᠯ ᠳᠤ᠄ ︽ᠲᠡᠳᠡᠨ ᠤ ᠤᠨ ᠨᠢ ᠬᠤᠶᠠᠳᠤᠭᠠᠷ ᠰᠠᠷ᠎ᠠ ᠠᠴᠠ ᠡᠬᠢᠯᠡᠨ᠎ᠡ᠃ ᠰᠢᠨ᠎ᠡ ᠵᠢᠯ ᠤᠨ ᠪᠠᠶᠠᠷ ᠢᠶᠠᠷ ᠶᠡᠭᠡ ᠬᠠᠭᠠᠨ ᠲᠡᠷᠢᠭᠦᠯᠡᠨ ᠪᠦᠬᠦ ᠠᠷᠠᠳ᠂ ᠢᠷᠭᠡᠳ ᠬᠦᠷᠲᠡᠯ᠎ᠡ ᠬᠦᠭᠰᠢᠨ ᠵᠠᠯᠠᠭᠤ᠂ ᠡᠷ᠎ᠡ ᠡᠮ᠎ᠡ ᠢᠯᠭᠠᠯ ᠦᠭᠡᠢ᠂ ᠬᠦᠷᠦᠩᠭᠡ ᠴᠢᠳᠠᠯ ᠤᠨ ᠬᠢ ᠪᠠᠨ ᠢᠶᠠᠨ ᠬᠢᠷᠢ ᠪᠠᠷ᠂ ᠪᠤᠯᠲᠦ ᠪᠠᠷ ᠴᠠᠭᠠᠨ ᠬᠤᠪᠴᠠᠰᠤ ᠡᠮᠦᠰᠬᠦ ᠵᠠᠩᠰᠢᠯ ᠲᠠᠢ᠃ ᠡᠨᠡ ᠨᠢ ᠶᠡᠷᠦ ᠠᠴᠠ ᠴᠠᠭᠠᠨ ᠦᠩᠭᠡ ᠲᠠᠢ ᠬᠤᠪᠴᠠᠰᠤ ᠪᠤᠯ ᠠᠵᠠ ᠵᠢᠷᠭᠠᠯᠲᠠᠢ᠂ ᠦᠯᠵᠡᠢ ᠮᠦᠷᠲᠡᠢ᠂ ᠡᠩᠬᠡ ᠡᠰᠡᠨ ᠪᠠᠶᠢᠬᠤ ᠶᠢᠨ ᠪᠡᠯᠭᠡ ᠲᠡᠮᠲᠡᠭ ᠪᠤᠯᠤᠨ᠎ᠠ ᠭᠡᠵᠦ ᠦᠵᠡᠳᠡᠭ ᠲᠠᠢ ᠬᠤᠯᠪᠤᠭᠠᠲᠠᠢ᠃ ᠲᠡᠭᠦᠨᠴᠢᠯᠡᠨ ᠳᠡᠭᠡᠳᠦ ᠰᠠᠶᠢᠨ ᠴᠠᠭᠠᠨ ᠦᠩᠭᠡ ᠶᠢᠨ ᠪᠦᠰ ᠢ ᠶᠡᠭᠡ ᠬᠠᠭᠠᠳ ᠲᠤ ᠪᠡᠯᠡᠭ ᠪᠤᠯᠭᠠᠨ ᠪᠠᠷᠢᠵᠤ ᠢᠵᠠᠭᠤᠷᠲᠠᠨ ᠤᠳ ᠴᠤ᠂ ᠴᠡᠷᠢᠭ ᠤᠨ ᠲᠦᠰᠢᠮᠡᠳ ᠴᠤ᠂ ᠡᠭᠡᠯ ᠠᠷᠠᠳ ᠴᠤ ᠬᠤᠭᠤᠷᠤ ᠬᠤᠭᠤᠷᠤᠨᠲᠤ ᠪᠠᠨ ᠴᠠᠭᠠᠨ ᠦᠩᠭᠡ ᠲᠠᠢ ᠪᠡᠯᠡᠭ ᠪᠠᠷᠢᠳᠠᠭ ᠶᠤᠮ︾ ᠬᠡᠮᠡᠨ ᠪᠢᠴᠢᠵᠡᠢ᠃ ᠡᠨᠡ ᠮᠡᠲᠦ ᠴᠠᠭᠠᠨ ᠦᠩᠭᠡ ᠶᠢ ᠳᠡᠭᠡᠳᠦᠯᠡᠵᠦ ᠪᠠᠶᠢᠭᠰᠠᠨ ᠪᠠᠷᠢᠮᠲᠠ ᠤᠯᠠᠨ ᠢ ᠦᠭᠦᠯᠡᠵᠦ ᠪᠤᠯᠬᠤ ᠪᠦᠭᠡᠳ ᠪᠠᠰᠠ ᠨᠢᠭᠡ ᠵᠢᠱᠢᠶ᠎ᠡ ᠲᠠᠲᠠᠬᠤ ᠳᠤ᠂ ᠮᠤᠩᠭᠤᠯ ᠤᠨ ᠨᠢᠭᠤᠴᠠ ᠲᠤᠪᠴᠢᠶᠠᠨ ᠤ 216 ᠳ᠋ᠤᠭᠠᠷ ᠵᠦᠢᠯ ᠳᠤ ︽ᠪᠠᠰᠠ ᠴᠢᠩᠭᠢᠰ ᠬᠠᠭᠠᠨ᠂ ᠤᠰᠤᠨ ᠡᠪᠦᠭᠡᠨ ᠳᠤ ᠦᠭᠦᠯᠡᠷᠦᠨ᠄ ︽᠁ ᠠᠬᠠᠮᠠᠳ ᠦᠶ᠎ᠡ ᠶᠢᠨ ᠬᠦᠮᠦᠨ ᠢᠶᠠᠨ ᠪᠠᠬᠢ ︵ᠴᠤᠯᠨ︶ ᠪᠤᠯᠭᠠᠳᠠᠭ ᠵᠠᠩᠰᠢᠯ ᠲᠠᠢ ᠲᠤᠯᠠ ᠪᠠᠭᠠᠷᠢᠨ ᠠᠬ᠎ᠠ ᠶᠢᠨ ᠤᠷᠤᠭ ᠤᠰᠤᠨ ᠡᠪᠦᠭᠡᠨ ᠢ ᠪᠠᠬᠢ ᠪᠤᠯᠭᠠᠶ᠎ᠠ᠃ ᠪᠠᠬᠢ ᠡᠷᠭᠦᠮᠵᠢᠯᠡᠭᠡᠳ᠂ ᠴᠠᠭᠠᠨ ᠳᠡᠪᠡᠯ ᠡᠮᠦᠰᠴᠤ᠂ ᠴᠠᠭᠠᠨ ᠮᠤᠷᠢ ᠤᠨᠤᠵᠤ᠂ ᠳᠡᠭᠡᠳᠤ ᠰᠠᠭᠤᠷᠢᠨ ᠳᠤ ᠰᠠᠭᠤᠵᠤ᠂ ᠤᠨ ᠰᠠᠷ᠎ᠠ ᠶᠢ ᠤᠯᠵᠤ ᠰᠤᠩᠭᠤᠵᠤ ᠪᠠᠶᠢᠲᠤᠭᠠᠢ ᠬᠡᠮᠡᠨ ᠵᠠᠷᠯᠢᠭ ᠪᠤᠯᠭᠠᠪᠠ︾ ᠭᠡᠵᠦ ᠭᠠᠷᠳᠠᠭ᠃ ᠡᠨᠡ ᠪᠦᠬᠦᠨ ᠨᠢ ᠴᠠᠭᠠᠨ ᠦᠩᠭᠡ ᠶᠢ ᠡᠷᠬᠢᠮᠯᠡᠨ ᠳᠡᠭᠡᠳᠦᠯᠡᠬᠦ ᠪᠡᠯᠭᠡᠳᠡᠯ ᠠᠴᠠ ᠡᠭᠦᠳᠴᠡᠢ᠃ ᠴᠠᠭᠠᠨ ᠰᠠᠷ᠎ᠠ ᠶᠢᠨ ᠪᠠᠶᠠᠷ ᠤᠨ ᠵᠤᠭᠤᠭ ᠤᠨ ᠬᠠᠮᠤᠭ ᠤᠨ ᠬᠦᠨᠳᠦᠲᠡᠢ ᠨᠢ ᠴᠠᠭᠠᠨ ᠢᠳᠡᠭᠡ ᠪᠤᠶᠤ ᠲᠡᠭᠦᠪᠡᠷ ᠦᠢᠯᠡᠳᠦᠭᠰᠡᠨ ᠬᠤᠭᠤᠯᠠ ᠪᠠᠶᠢᠳᠠᠭ᠃ ᠲᠡᠷᠡᠬᠦ ᠴᠠᠭᠠᠨ ᠢᠳᠡᠭᠡ ᠪᠠᠷ ᠬᠢᠭᠰᠡᠨ ᠢᠳᠡᠭᠡ ᠵᠤᠭᠤᠭ ᠢ ᠴᠠᠭᠠᠯᠠᠭ᠎ᠠ ᠭᠡᠳᠡᠭ᠃ ᠵᠤᠯᠭᠠᠬᠤ ᠪᠠᠷ ᠢᠷᠡᠭᠰᠡᠨ ᠵᠤᠴᠢᠨ ᠬᠡᠶᠢᠴᠢᠨ ᠶᠠᠭᠤᠨ ᠲᠦᠷᠦᠭᠦᠨ ᠴᠠᠭᠠᠯᠠᠭ᠎ᠠ ᠠᠴᠠ ᠠᠮᠰᠠᠳᠠᠭ ᠶᠤᠰᠤ ᠲᠠᠢ᠃ ᠮᠤᠩᠭᠤᠯᠴᠤᠳ ᠰᠢᠨ᠎ᠡ ᠵᠢᠯ ᠤᠨ ᠡᠨᠡᠬᠦ ᠶᠡᠭᠡ ᠪᠠᠶᠠᠷ ᠢᠶᠠᠨ ᠶᠤᠰᠤᠯᠠᠨ ᠲᠡᠮᠲᠡᠭᠯᠡᠬᠦ ᠶᠢ ᠴᠠᠭᠠᠯᠠᠬᠤ ᠭᠡᠳᠡᠭ᠃ ᠳᠡᠭᠡᠷ᠎ᠡ ᠦᠭᠦᠯᠡᠭᠰᠡᠨ ᠢ ᠲᠤᠪᠴᠢᠯᠠᠭᠠᠳ ᠦᠭᠦᠯᠡᠪᠡᠯ᠂ ᠡᠪᠦᠭᠡ ᠳᠡᠭᠡᠳᠦᠰ ᠮᠠᠨᠢ ᠦᠩᠭᠡᠷᠡᠭᠰᠡᠨ ᠤᠨ ᠤ ᠮᠠᠭᠤ ᠮᠠᠭᠤᠬᠠᠢ ᠪᠦᠬᠦᠨ ᠠᠴᠠ ᠬᠠᠭᠠᠴᠠᠵᠤ᠂ ᠰᠢᠨ᠎ᠡ ᠤᠨ ᠳᠠᠭᠠᠨ ᠪᠦᠬᠦ ᠶᠠᠭᠤᠮ᠎ᠠ ᠴᠠᠭᠠᠨ ᠪᠠᠶᠢᠬᠤ ᠶᠢ ᠪᠡᠯᠭᠡᠳᠡᠨ ᠬᠦᠰᠡᠵᠦ ᠴᠠᠭᠠᠨ ᠰᠠᠷ᠎ᠠ ᠬᠡᠮᠡᠭᠰᠡᠨ ᠠᠵᠠᠢ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号