ᠶᠡᠭᠡ ᠳᠠᠬᠢᠯᠭᠠᠳᠦ — ᠪᠠᠶᠠᠨ ᠤᠪᠤᠭ᠎ᠠ ᠪᠠᠶᠠᠨ ᠤᠪᠤᠭ᠎ᠠ ᠪᠤᠯ ᠦᠵᠦᠮᠦᠴᠢᠨ ᠤ ᠡᠷᠳ᠋ᠨ ᠳᠡᠭᠡᠳᠦ ᠠᠴᠠ | ᠤᠯᠠᠮᠵᠢᠯᠠᠯ ᠲᠠᠢ ᠡᠷᠬᠢᠮ ᠢᠵᠠᠭᠤᠷᠳᠠᠨ ᠬᠠᠷᠠᠴᠤ ᠪᠤᠭᠤᠯ ᠭᠡᠰᠡᠨ ᠦᠭᠡᠢ ᠨᠡᠶᠢᠳᠡ ᠪᠠᠷ ᠳᠠᠬᠢᠳᠠᠭ ᠶᠡᠭᠡ ᠳᠠᠬᠢᠯᠭᠠᠳᠦ | ᠤᠪᠤᠭ᠎ᠠ ᠪᠤᠯᠬᠤ ᠶᠤᠮ᠂ ᠵᠢᠯ ᠪᠦᠷᠢ ᠶᠢᠨ ᠪᠢᠯᠢᠭ ᠤᠨ ᠤᠯᠠᠷᠢᠯ ᠤᠨ ᠵᠢᠷᠭᠤᠭᠠᠨ ᠰᠠᠷ᠎ᠠ ᠶᠢᠨ ᠰᠢᠨ᠎ᠡ ᠶᠢᠨ | ᠭᠤᠷᠪᠠᠨ ᠳᠤ ᠳᠠᠬᠢᠯᠭ᠎ᠠ ᠲᠠᠢ ᠡᠨᠡᠬᠦ ᠤᠪᠤᠭ᠎ᠠ ᠨᠢ ᠤᠳᠤ ᠪᠦᠬᠦ ᠬᠤᠰᠢᠭᠤᠨ ᠤ ᠡᠯ᠎ᠡ ᠰᠤᠮᠤ ᠶᠢᠨ ᠮᠠᠯᠴᠢᠳ ᠵᠢᠯ | ᠪᠦᠷᠢ 15 ᠠᠶᠢᠯ ᠡᠷᠦᠬᠡ ᠶᠢ ᠤᠪᠤᠭᠠᠨ ᠳ᠋ᠠ ᠪᠤᠯᠭᠠᠨ ᠳᠠᠬᠢᠯᠭ᠎ᠠ ᠶᠢᠨ ᠵᠠᠩ ᠦᠢᠯᠡ ᠶᠢ ᠬᠠᠷᠢᠭᠤᠴᠠᠭᠤᠯᠤᠨ | ᠬᠤᠰᠢᠭᠤ ᠳᠠᠶᠠᠭᠠᠷ ᠢᠶᠠᠨ ᠦᠪᠡᠳᠡᠭᠰᠢ ᠶᠡᠬᠡᠪᠡᠷ ᠳᠠᠬᠢᠭᠰᠠᠭᠠᠷ ᠪᠠᠶᠢᠭ᠎ᠠ ᠶᠤᠮ᠃ ᠬᠦᠮᠦᠰ ᠪᠠᠰᠠ ︿︿ᠴᠠᠶᠢᠳᠠᠮ ᠤᠨ | ᠪᠠᠶᠠᠨ ᠤᠪᠤᠭ᠎ᠠ﹀﹀ ᠴᠣ᠋ ᠭᠡᠳᠡᠭ᠂ ᠤᠳᠤ ᠰᠠᠭᠠᠮᠠᠢ ᠰᠤᠮᠤᠨ ᠤ ᠪᠠᠶ᠋ᠬᠠᠤᠪᠤᠭ᠎ᠠ ᠭᠠᠴᠠᠭ᠎ᠠ ᠶᠢᠨ ᠨᠤᠲᠤᠭ ᠲᠤ | ᠬᠠᠷᠢᠶᠠᠯᠠᠭᠳᠠᠵᠦ᠂ ᠤᠮᠠᠷᠠᠳᠤ ᠦᠷᠭᠡᠷᠢᠭ ᠤᠨ 45*55'56,2" ᠵᠡᠭᠦᠨ ᠤᠷᠳᠤᠷᠢᠭ ᠤᠨ 117*09'51, | 4" ᠶᠢᠨ ᠴᠡᠭ ᠲᠤ ᠪᠠᠶᠢᠷᠢᠯᠠᠵᠦ᠂ ᠳᠠᠯᠠᠢ ᠶᠢᠨ ᠲᠦᠪᠰᠢᠨ ᠠᠴᠠ ᠳᠡᠭᠡᠭᠰᠢ 513, 5 ᠮᠧᠳ᠋ᠷ ᠡᠷᠭᠦᠭᠳᠡᠵᠦ ᠪᠤᠢ᠃ | ᠭᠠᠴᠢᠭᠳᠠᠵᠦ ᠵᠦᠳᠡᠭᠰᠡᠳ ᠢ ᠦᠷᠦᠰᠢᠶᠡᠵᠦ ᠲᠤᠰᠠᠯᠠᠳᠠᠭ ᠬᠤᠪᠢᠯᠭᠠᠨ ᠰᠠᠬᠢᠭᠤᠰᠤ ᠲᠠᠢ ᠭᠡᠯᠴᠡᠳᠡᠭ᠃ | ᠲᠤᠮᠤᠭ ᠲᠤ ᠪᠠᠶᠠᠨ ᠤᠪᠤᠭ᠎ᠠ ᠪᠤᠯ ᠪᠠᠷᠠᠭᠤᠨ ᠭᠠᠵᠠᠷ ᠤᠨ ᠮᠠᠷᠴᠢᠨ ᠪᠤᠮᠪᠠᠷ ᠤᠨ ᠬᠦᠤ ᠪᠠᠶᠠᠨ ᠬᠠᠷ᠎ᠠ ᠶᠢ ᠮᠦᠨ ᠭᠡᠬᠦ | ᠪᠦᠭᠡᠳ ᠦᠨᠡᠨᠳᠡᠭᠡᠨ ᠯᠤᠤᠰ ᠪᠢᠰᠢ ᠲᠡᠭᠷᠢ ᠢᠵᠠᠭᠤᠷᠳᠠᠨ ᠶᠤᠮ ᠭᠡᠨ᠎ᠡ᠂ ᠲᠡᠭᠦᠨ ᠤ ᠲᠦᠷᠬᠦ ᠭᠡᠪᠡᠯ ᠨᠠᠩᠳᠡᠩᠰᠡᠨ | ᠮᠠᠯᠠᠭᠠᠢ ᠲᠠᠢ᠂ ᠪᠡᠷᠡᠭᠤᠨ ᠭᠠᠷ ᠲᠠᠭᠠᠨ ᠫᠦᠷᠪᠦ ᠪᠠᠷᠢᠭᠰᠠᠨ ᠵᠢᠪᠬᠤᠭᠠᠳᠦ ᠪᠤᠷᠬᠠᠨ ᠤ ᠬᠦᠷᠦᠭ ᠪᠠᠶᠢᠵᠦ᠂ ᠪᠠᠰᠠ | ᠪᠠᠶᠠᠨᠬᠠᠷ᠎ᠠ ᠲᠡᠭᠷᠢ ᠶᠢᠨ ᠤᠷᠤᠨ ᠳᠤ ᠪᠠᠶᠢᠬᠤ ᠳᠠᠭᠠᠨ ᠤᠰᠤᠯ ᠭᠠᠷᠭᠠᠭᠰᠠᠨ ᠢᠶᠠᠷ ᠪᠤᠷᠬᠠᠨ ᠪᠠᠭᠰᠢ ᠬᠦᠮᠦᠨ ᠠᠷᠠᠳ ᠢ | ᠲᠤᠰᠠᠯᠠᠭᠤᠯᠬᠤ ᠪᠠᠷ ᠲᠤᠤᠷᠠᠳᠦ ᠶᠢᠷᠳᠢᠨᠴᠣ ᠳᠤ ᠪᠠᠭᠤᠯᠭᠠᠨ᠂ ᠡᠷᠭᠢᠨ ᠲᠤᠭᠤᠷᠢᠨ ᠳᠠᠭᠠᠨ ᠤᠯᠠᠨ ᠨᠠᠭᠤᠷ | ᠴᠠᠶᠢᠳᠠᠮ ᠲᠠᠢ ᠡᠨᠡᠬᠦ ᠲᠠᠷᠬᠠᠨ ᠠᠭᠤᠯᠠ ᠶᠢᠨ ᠡᠵᠡᠨ ᠰᠠᠬᠢᠭᠤᠰᠤ ᠪᠤᠯᠭᠠᠭᠰᠠᠨ ᠴᠤ ᠭᠡᠳᠡᠭ᠃ ᠪᠠᠶᠠᠨ ᠤᠪᠤᠭᠠᠨ ᠤ | ᠰᠢᠳᠢ ᠶᠢ ᠢᠯᠡᠷᠡᠭᠦᠯᠦᠭᠰᠡᠨ ᠲᠤᠮᠤᠭ ᠲᠤ ᠦᠵᠦᠮᠦᠴᠢᠨ ᠨᠤᠲᠤᠭ ᠠᠴᠠ ᠨᠢᠭᠡᠨ ᠬᠦᠮᠦᠨ ᠡᠷᠳᠡᠮ ᠰᠤᠷᠬᠤ ᠪᠠᠷ | ᠮᠦᠩᠬᠡ ᠵᠤᠤ ᠳᠤ ᠬᠦᠷᠴᠠᠢ᠂ ᠲᠡᠷᠡ ᠦᠶ᠎ᠡ ᠨᠤᠮ ᠬᠤᠷᠠᠯ ᠠᠴᠠ ᠬᠤᠴᠤᠷᠪᠠᠯ ᠦᠴᠢᠭ ᠦᠭᠡᠢ ︿ᠵᠠᠶ᠋ᠢᠭ﹀ ᠬᠡᠮᠡᠬᠦ | ᠬᠠᠳᠠᠭᠤ ᠮᠤᠳᠤ ᠪᠠᠷ ᠵᠠᠨᠴᠢᠨ ᠠᠯᠠᠳᠠᠭ ᠪᠠᠶᠢᠵᠦ ᠭᠡᠨ᠎ᠡ᠂ ᠨᠢᠭᠡᠨ ᠤᠳᠠᠭ᠎ᠠ ᠦᠨᠤ ᠦᠵᠦᠮᠦᠴᠢᠨ ᠯᠠᠮᠠ ᠤᠨᠳᠠᠵᠦ | ᠬᠤᠴᠤᠷᠤᠭᠠᠳ ᠠᠯᠠᠭᠳᠠᠬᠤ ᠶᠠᠯ᠎ᠠ ᠳᠤ ᠤᠨᠠᠵᠠᠢ᠂ ᠲᠡᠷᠡ ᠭᠡᠨᠡᠳᠳᠡ ᠪᠠᠶᠠᠨ ᠤᠪᠤᠭ᠎ᠠ ᠪᠠᠨ ᠰᠠᠨᠠᠵᠦ ᠤᠯᠤᠭᠠᠳ ᠨᠢᠭᠡ | ᠰᠦᠨᠢ ᠠᠪᠤᠷᠠᠯ ᠡᠷᠢᠨ ᠳᠠᠭᠠᠳᠬᠠᠵᠦ ᠬᠤᠨᠤᠭᠠᠳ ᠮᠠᠷᠭᠠᠰᠢ ᠨᠢ ᠬᠤᠷᠠᠯ ᠬᠤᠷᠠᠬᠤ ᠪᠠᠷ ᠬᠦᠷᠳᠡᠭ ᠶᠤᠮ ᠪᠠᠶᠢᠨ᠎ᠠ᠂ | ᠲᠡᠭᠦᠨ ᠢ ᠬᠠᠭᠠᠯᠭ᠎ᠠ ᠪᠠᠷ ᠤᠷᠤᠬᠤ ᠲᠠᠢ ᠵᠡᠷᠭᠡ ︿ᠵᠠᠶ᠋ᠢᠭ ᠮᠤᠳᠤ﹀ ᠪᠠᠷ ᠳᠠᠯᠠᠶᠢᠭᠰᠠᠨ ᠴᠢᠭ ᠢᠶᠠᠷ ᠢᠶᠠᠨ | ᠭᠦᠢᠴᠡᠳᠭᠡᠭᠴᠢ ᠨᠢ ᠤᠬᠠᠭ᠎ᠠ ᠠᠯᠳᠠᠨ ᠤᠶᠢᠴᠢᠭᠰᠠᠨ ᠭᠡᠨ᠎ᠡ᠂ ᠤᠯᠠᠨ ᠯᠠᠮᠠ ᠨᠠᠷ ᠰᠠᠨᠳᠤᠷᠴᠤ ᠳᠠᠯᠠᠢ ᠯᠠᠮᠠ ᠳᠤ | ᠠᠶᠢᠯᠠᠳᠬᠠᠬᠤ ᠳᠤ ᠲᠡᠷᠡ ᠤᠴᠢᠷ ᠢ ᠨᠢ ᠠᠰᠠᠭᠤᠵᠦ ᠤᠶᠢᠯᠠᠭᠠᠭᠠᠳ ︿︿ᠦᠨᠤ ᠦᠷᠯᠦᠭᠡ ᠮᠠᠷᠴᠢᠨ ᠪᠤᠮᠪᠠᠷ ᠤᠨ | ᠬᠦᠤ ᠪᠠᠶᠠᠨᠬᠠᠷ᠎ᠠ ᠶᠡᠭᠡ ᠠᠭᠤᠷᠳᠠᠢ ᠦᠭᠡ ᠲᠤᠤᠭᠠᠷᠤᠭᠰᠠᠨ ᠦᠭᠡᠢ ᠭᠠᠷᠤᠭᠰᠠᠨ ᠶᠤᠮ᠂ ᠡᠶᠢᠮᠦ ᠤᠴᠢᠷ ᠪᠠᠶᠢᠵᠦ | ᠰᠢᠤ ᠳ᠋ᠠ﹀﹀ ᠭᠡᠳ ᠦᠵᠦᠮᠦᠴᠢᠨ ᠯᠠᠮᠠ ᠶᠢ ᠦᠷᠦᠰᠢᠶᠡᠯ ᠦᠵᠡᠭᠦᠯᠵᠦ᠂ ᠬᠤᠷᠠᠯ ᠠᠴᠠ ᠬᠤᠴᠤᠷᠪᠠᠯ ︿ᠵᠠᠶ᠋ᠢᠭ | ᠮᠤᠳᠤ﹀ ᠪᠠᠷ ᠠᠯᠠᠳᠠᠭ ᠲᠦᠷᠢᠮ ᠢ ᠬᠦᠴᠦᠨ ᠦᠭᠡᠢ ᠪᠤᠯᠭᠠᠵᠦ᠂ ᠬᠦᠮᠦᠨ ᠤ ᠠᠮᠢ ᠨᠠᠰᠤᠨ ᠳᠤ ᠲᠤᠰᠠ ᠬᠢᠬᠦ | ᠪᠤᠯᠤᠯ᠎ᠠ ᠭᠡᠯᠴᠡᠳᠡᠭ ᠶᠤᠮ᠃ | ᠲᠡᠭᠷᠢ ᠤᠪᠤᠭ᠎ᠠ ᠪᠠᠷ ᠪᠡᠶᠡᠯᠡᠭᠦᠯᠵᠦ ᠰᠠᠬᠢᠭᠤᠰᠤ 12 ᠵᠢᠵᠢᠭ ᠤᠪᠤᠭ᠎ᠠ ᠪᠠᠷ ᠭᠠᠷᠯᠠᠭᠤᠯᠤᠭᠰᠠᠨ ᠶᠡᠭᠡ | ᠳᠠᠬᠢᠯᠭ᠎ᠠ ᠨᠢ ᠬᠦᠷᠢᠶ᠎ᠡ ᠰᠦᠮ᠎ᠡ ᠠᠴᠠ ᠳᠠᠬᠢᠯᠭ᠎ᠠ ᠶᠢᠨ ᠯᠠᠮᠠ ᠵᠠᠯᠠᠵᠦ ︿︿ᠪᠠᠶᠠᠨ ᠤᠪᠤᠭ᠎ᠠ ᠶᠢᠨ ᠰᠠᠩ﹀﹀ | ᠤᠩᠰᠢᠭᠤᠯᠤᠨ᠂ ᠳᠠᠪᠤᠨ ᠦᠩᠭᠡ ᠶᠢᠨ ᠬᠡᠶᠢᠮᠦᠷᠢ ᠪᠤᠰᠬᠠᠵᠦ᠂ ᠢᠷᠭᠡ ᠶᠢᠨ ᠤᠭᠤᠴᠠ ᠪᠡ ᠴᠠᠭᠠᠨ ᠢᠳᠡᠭᠡᠨ ᠤ | ᠡᠷᠭᠦᠯ ᠳᠠᠯᠪᠢᠨ ᠰᠠᠴᠣᠯᠢ ᠬᠢᠵᠦ᠂ ᠠᠵᠠ ᠬᠡᠶᠢᠮᠦᠷᠢ ᠢᠶᠠᠨ ᠮᠠᠨᠳᠤᠭᠤᠯᠬᠤ᠂ ᠠᠵᠤ ᠠᠮᠢᠳᠣᠷᠠᠯ ᠢᠶᠠᠨ ᠳᠡᠭᠵᠢᠷᠡᠭᠦᠯᠬᠦ᠂ | ᠠᠯᠢᠪᠠ ᠬᠠᠷᠰᠢ ᠰᠠᠭᠠᠳ ᠢ ᠠᠷᠢᠯᠭᠠᠬᠤ ᠪᠠᠷ ᠮᠦᠷᠭᠦᠨ ᠳᠠᠭᠠᠳᠬᠠᠳᠠᠭ ᠪᠠᠶᠢᠨ᠎ᠠ᠂ ᠪᠠᠶᠠᠨ ᠤᠪᠤᠭ᠎ᠠ ᠨᠢ | ᠤᠷᠢᠳᠠᠭᠤᠷ ᠢᠶᠠᠨ ᠴᠠᠶᠢᠳᠠᠮ ᠤᠨ ᠠᠭᠤᠳᠠᠮ ᠭᠤᠪᠢ ᠳᠠᠯ᠎ᠠ ᠪᠠᠷ ᠵᠢᠭᠢᠯᠭᠡᠭᠰᠡᠨ ᠳᠠᠯᠠᠷᠠᠬᠤ ᠭᠠᠵᠠᠷ ᠪᠠᠶᠢᠵᠦ᠂ | ᠤᠯᠢᠶᠠᠰᠤᠳᠠᠢ ᠶᠢᠨ ᠪᠠᠶᠠᠨ ᠡᠷᠬᠡᠳᠦ ᠤᠪᠤᠭ᠎ᠠ ᠲᠠᠢ ᠪᠡᠶ᠎ᠡ ᠪᠠᠷ᠎ᠠ ᠪᠠᠨ ᠬᠠᠷᠠᠯᠴᠠᠨ ᠪᠠᠶᠢᠳᠠᠭ ᠢᠶᠠᠷ ᠪᠠᠶᠠᠨ ᠡᠷᠬᠡᠳᠦ ᠶᠢᠨ | ᠵᠡᠭᠦᠨ ᠮᠦᠷᠦ ᠳᠡᠭᠡᠷ᠎ᠡ ᠠᠴᠠ ᠳᠠᠬᠢᠯᠭ᠎ᠠ ᠭᠦᠢᠴᠡᠳᠭᠡᠵᠦ ᠪᠤᠯᠳᠠᠭ᠃ ᠳᠠᠬᠢᠯᠭ᠎ᠠ ᠨᠢ ᠲᠤᠮᠤᠴᠤᠳ ᠤᠨ ᠪᠦᠬᠡ ᠶᠢᠨ | ᠪᠠᠷᠢᠯᠳᠤᠯᠭ᠎ᠠ ᠪᠠ ᠠᠯᠤᠰ ᠤᠨ ᠮᠤᠷᠢᠨ ᠤ ᠤᠷᠤᠯᠳᠤᠭᠠᠨ ᠲᠠᠢ ᠶᠡᠭᠡ ᠨᠠᠶᠢᠷ ᠢ ᠬᠢᠳᠡᠭ ᠶᠤᠮ᠃ | ︵ᠤ᠂ ᠶᠤᠨᠳᠤᠨ ᠤ ︿︿ᠦᠵᠦᠮᠦᠴᠢᠨ ᠤ ᠵᠠᠩ ᠰᠤᠶᠤᠯ ᠤᠨ ᠮᠡᠳᠡᠯᠭᠡ ᠶᠢᠨ ᠳᠡᠭᠡᠵᠢᠰ﹀﹀ ᠬᠡᠮᠡᠬᠦ ᠨᠤᠮ ᠠᠴᠠ | ᠪᠠᠭᠤᠯᠭᠠᠪᠠ︶ |