ᠶᠢᠰᠦᠨ ᠬᠦᠯᠳᠦ ᠴᠠᠭᠠᠨ ᠳᠤᠭ
ᠨᠡᠶᠢᠲᠡᠯᠡᠭᠰᠡᠨ ᠴᠠᠭ᠄
2024/2/21
   ᠶᠢᠰᠦᠨ ᠬᠦᠯᠳᠦ ᠴᠠᠭᠠᠨ ᠳᠤᠭ ᠪᠤᠯ ᠮᠤᠩᠭᠤᠯᠴᠤᠳ ᠤᠨ ᠢᠯᠠᠭᠤᠭᠰᠠᠨ ᠭᠤᠷᠪᠠᠨ ᠶᠡᠭᠡ ᠳᠤᠭ ᠰᠦᠯᠳᠡ ᠶᠢᠨ ᠨᠢᠭᠡ ᠶᠤᠮ᠃ ᠰᠠᠷᠠᠯ ᠠᠵᠢᠷᠭᠠᠨ ᠤ ᠳᠡᠯ ᠬᠢᠯᠭᠠᠰᠤ ᠪᠠᠷ ᠬᠦᠬᠦᠯ ᠬᠢᠳᠡᠭ ᠠᠴᠠ ᠴᠠᠭᠠᠨ ᠳᠤᠭ ◆ ᠶᠢᠰᠦᠨ ᠬᠦᠯᠳᠦ ᠴᠠᠭᠠᠨ ᠰᠦᠯᠳᠡ ᠶᠢᠨ ᠨᠡᠷᠡᠶᠢᠳᠦᠯ ᠤᠨ ᠤᠴᠢᠷ ︽ᠬᠠᠯᠬ᠎ᠠ ᠳᠤᠪᠴᠢᠶᠠᠨ︾ ᠳᠤ ︽ᠴᠠᠭᠠᠨ᠂ ᠬᠠᠷ᠎ᠠ᠂ ᠠᠯᠠᠭ ᠰᠦᠯᠳᠡ ᠭᠡᠵᠦ ᠭᠤᠷᠪᠠᠨ ᠶᠠᠩᠵᠦ ᠪᠠᠶᠢᠭᠰᠠᠨ ᠪᠦᠭᠡᠳ ᠴᠠᠭᠠᠨ ᠳᠤᠭ ᠨᠢ ᠴᠠᠭᠠᠨ᠂ ᠬᠠᠷ᠎ᠠ ᠨᠢ ᠬᠠᠷ᠎ᠠ᠂ ᠠᠯᠠᠭ ᠨᠢ ᠴᠠᠭᠠᠨ᠂ ᠬᠠᠷ᠎ᠠ ᠵᠢᠰᠦᠮ ᠤᠨ ᠠᠳᠤᠭᠤᠨ ᠤ ᠳᠡᠯ ᠰᠡᠬᠦᠯ ᠢᠶᠠᠷ ᠬᠦᠬᠦᠯ ᠬᠢᠭᠰᠡᠨ ᠠᠴᠠ ᠳᠡᠶᠢᠨ ᠬᠦ ᠠᠯᠳᠠᠷᠰᠢᠵᠠᠢ︾ ᠭᠡᠵᠦ ᠴᠠᠭᠠᠨ᠂ ᠬᠠᠷ᠎ᠠ᠂ ᠠᠯᠠᠭ ᠰᠦᠯᠳᠡ ᠶᠢᠨ ᠨᠡᠷ᠎ᠡ ᠶᠢᠨ ᠢᠷᠡᠯᠳᠡ ᠶᠢ ᠳᠤᠳᠤᠷᠬᠠᠢ ᠦᠬᠦᠯᠡᠵᠡᠢ᠃ ︽ᠮᠤᠩᠭᠤᠯ ᠤᠨ ᠨᠢᠭᠤᠴᠠ ᠳᠤᠪᠴᠢᠶᠠᠨ︾ ᠤ 202 ᠳ᠋ᠤᠭᠠᠷ ᠵᠦᠢᠯ ᠳᠤ ︽ᠪᠠᠷᠰ ᠵᠢᠯ ᠤᠨᠤᠨ ᠤ ᠳᠡᠷᠢᠬᠦᠨ᠎ᠡ ᠬᠤᠷᠠᠵᠦ ᠶᠢᠰᠦᠨ ᠬᠦᠯᠳᠦ ᠴᠠᠭᠠᠨ ᠳᠤᠭ ᠪᠠᠶᠢᠭᠤᠯᠤᠭᠠᠳ︾ ᠭᠡᠵᠦ᠂ ︽ᠰᠤᠳᠤᠷ ᠤᠨ ᠴᠢᠭᠤᠯᠭᠠᠨ︾ ᠳᠤ᠄ ︽ᠴᠢᠩᠬᠢᠰ ᠬᠠᠭᠠᠨ ᠳᠠᠶᠠᠨ ᠬᠠᠨ ᠯᠤᠭ᠎ᠠ ᠪᠠᠶᠢᠯᠳᠤᠵᠦ᠂ ᠳᠡᠬᠦᠨ ᠢ ᠠᠯᠠᠭᠰᠠᠨ ᠤ ᠳᠠᠷᠠᠭ᠎ᠠ ᠶᠢᠰᠦᠨ ᠬᠦᠯᠳᠦ ᠴᠠᠭᠠᠨ ᠳᠤᠭ ᠪᠤᠰᠬᠠᠵᠦ ᠲᠦᠷᠦ ᠤᠯᠤᠰ ᠢᠶᠠᠨ ᠪᠠᠶᠢᠭᠤᠯᠵᠦ ᠴᠢᠩᠬᠢᠰ ᠬᠠᠭᠠᠨ — ᠳᠠᠯᠠᠢ ᠬᠠᠭᠠᠨ ᠬᠡᠮᠡᠬᠦ ᠴᠤᠯᠠ ᠤᠯᠵᠠᠢ︾ ᠭᠡᠵᠡᠢ᠃ ᠪᠠᠰᠠ ︽ᠠᠯᠳᠠᠨ ᠳᠤᠪᠴᠢ︾᠂ ︽ᠡᠷᠳᠡᠨᠢ ᠶᠢᠨ ᠳᠤᠪᠴᠢ︾ ᠵᠡᠷᠭᠡ ᠳᠤᠯᠭᠤᠷ ᠪᠢᠴᠢᠭ ᠲᠤ ︽ᠶᠢᠰᠦᠨ ᠬᠦᠯᠳᠦ ᠴᠠᠭᠠᠨ ᠳᠤᠭ︾ ᠭᠡᠵᠦ ᠪᠤᠢ᠃ ︽ᠪᠤᠯᠤᠷ ᠳᠤᠯᠢ︾ ᠳᠤ ︽ᠨᠠᠢᠮᠠᠨ ᠬᠦᠯᠳᠦ ᠴᠠᠭᠠᠨ ᠳᠤᠭ︾ ᠭᠡᠵᠦ ᠳᠡᠮᠳᠡᠭᠯᠡᠵᠡᠢ᠃ ᠶᠢᠰᠦᠨ ᠬᠦᠯᠳᠦ ᠭᠡᠰᠡᠨ ᠤᠴᠢᠷ ᠢ ︽ᠬᠠᠯᠬ᠎ᠠ ᠳᠤᠪᠴᠢᠶᠠᠨ︾ ᠳᠤ ︽ᠴᠠᠭᠠᠨ ᠳᠤᠭ ᠰᠦᠯᠳᠡ ᠨᠢ ᠨᠢᠭᠡᠨ ᠳᠦᠪ ᠭᠤᠤᠯ᠂ ᠨᠠᠢᠮᠠᠨ ᠵᠢᠵᠢᠭ ᠴᠠᠭᠠᠨ ᠳᠤᠭ ᠢᠶᠠᠷ ᠪᠦᠷᠢᠳᠴᠦ ᠪᠠᠶᠢᠭᠰᠠᠨ ᠪᠠ ᠳᠡᠬᠦᠨ ᠢ ᠶᠢᠰᠦᠨ ᠬᠦᠯᠳᠦ ᠴᠠᠭᠠᠨ ᠳᠤᠭ ᠬᠡᠨ᠎ᠡ︾ ᠭᠡᠵᠦ ᠳᠠᠶᠢᠯᠪᠤᠷᠢᠯᠠᠵᠠᠢ᠃    ᠭ᠊ · ᠨᠢᠩᠪᠤᠤ ᠲᠦᠷᠦ ᠶᠢᠨ ᠰᠦᠯᠳᠡ ᠶᠢᠨ ᠳᠡᠦᠭᠡ ᠶᠢᠨ ᠳᠤᠬᠠᠢ ᠦᠬᠦᠯᠡᠬᠦ ᠳᠡᠭᠡᠨ᠄ ︽ᠴᠠᠭᠠᠨ ᠰᠦᠯᠳᠡ ᠬᠡᠮᠡᠭᠴᠢ ᠨᠢ ᠭᠤᠤᠯ ᠳᠠᠭᠠᠨ ᠨᠢᠭᠡ ᠳᠤᠮᠤ ᠰᠦᠯᠳᠠ᠂ ᠳᠡᠬᠦᠨ ᠢᠶᠠᠨ ᠳᠤᠭᠤᠷᠢᠭᠤᠯᠤᠨ ᠨᠠᠢᠮᠠᠨ ᠰᠦᠯᠳᠡ ᠲᠠᠢ ᠳᠤᠯᠠ ᠶᠢᠰᠦᠨ ᠬᠦᠯᠳᠦ ᠴᠠᠭᠠᠨ ᠰᠦᠯᠳᠡ ᠭᠡᠭᠳᠡᠵᠡᠢ︾ ᠭᠡᠵᠦ ᠳᠡᠮᠳᠡᠭᠯᠡᠭᠰᠡᠨ ᠪᠠᠶᠢᠨ᠎ᠠ᠃ ᠨᠠᠢᠮᠠᠨ ᠬᠦᠯᠳᠦ ᠭᠡᠰᠡᠨ ᠨᠢ ᠭᠤᠤᠯ ᠰᠦᠯᠳᠡ ᠶᠢ ᠳᠤᠭᠤᠷᠢᠭᠤᠯᠤᠨ ᠲᠦᠷᠪᠡᠨ ᠦᠨᠴᠦᠭ᠂ ᠳᠦᠷᠪᠡᠨ ᠳᠠᠯ᠎ᠠ ᠳᠤ ᠪᠤᠰᠬᠠᠭᠰᠠᠨ ᠨᠠᠢᠮᠠᠨ ᠡᠯᠴᠢ ᠰᠦᠯᠳᠡ ᠪᠠᠷ ᠨᠢ ᠨᠡᠷᠡᠯᠡᠵᠡᠢ᠃ ᠡᠨᠡ ᠨᠢ ᠬᠠᠷ᠎ᠠ ᠪᠠ ᠠᠯᠠᠭ ᠰᠦᠯᠳᠡ ᠶᠢ ᠲᠦᠷᠪᠡᠨ ᠡᠯᠴᠢ ᠰᠦᠯᠳᠡ ᠪᠠᠷ ᠨᠢ ︽ᠲᠦᠷᠪᠡᠨ ᠬᠦᠯᠳᠦ︾ ᠭᠡᠵᠦ ᠨᠡᠷᠡᠯᠡᠭᠰᠡᠨ ᠲᠠᠢ ᠠᠳᠠᠯᠢ ᠶᠤᠮ᠃ ︽ᠪᠤᠭᠳᠠ ᠪᠠᠭᠠᠳᠤᠷ ᠪᠡᠶ᠎ᠡ ᠪᠠᠷ ᠳᠠᠶᠢᠯᠠᠭᠰᠠᠨ ᠳᠡᠮᠳᠡᠭᠯᠡᠯ︾ ᠳᠤ᠄ ︽ᠶᠢᠰᠦᠨ ᠬᠦᠭᠡᠯᠳᠦ ᠴᠠᠭᠠᠨ ᠳᠤᠭ ᠪᠤᠰᠬᠠᠨ︾ ᠭᠡᠵᠦ᠂ ︽ᠭᠠᠩᠭ᠎ᠠ ᠶᠢᠨ ᠤᠷᠤᠰᠬᠠᠯ︾ ᠳᠤ ᠮᠦᠨ ︽ᠶᠢᠰᠦᠨ ᠬᠦᠭᠡᠯᠳᠦ︾ ᠭᠡᠵᠦ᠂ ︽ᠪᠤᠯᠤᠷ ᠡᠷᠢᠭᠡ︾ ᠳᠤ ︽ᠶᠢᠰᠦᠨ ᠮᠠᠨᠵᠢᠯᠭ᠎ᠠ ᠳᠤ ᠴᠠᠭᠠᠨ ᠳᠤᠭ︾ ᠬᠡᠬᠦ ᠮᠡᠳᠦ ᠪᠠᠷ ᠳᠡᠮᠳᠡᠭᠯᠡᠵᠡᠢ᠃ ︽ᠬᠦᠭᠡᠯᠳᠦ︾᠂ ︽ᠮᠠᠨᠵᠢᠯᠭ᠎ᠠ ᠳᠤ︾ ᠭᠡᠰᠡᠨ ᠨᠢ ᠮᠤᠩᠭᠤᠯᠴᠤᠳ ᠤᠨ ᠢᠯᠠᠭᠤᠭᠰᠠᠨ ᠭᠤᠷᠪᠠᠨ ᠰᠦᠯᠳᠡ ᠳᠤᠭ ᠤᠨ ᠳᠡᠦᠭᠡᠨ ᠪᠠᠶᠢᠳᠠᠯ᠂ ᠳᠠᠶᠢᠯᠭ᠎ᠠ ᠶᠤᠰᠤᠯᠠᠯ ᠤᠨ ᠵᠠᠩ ᠦᠢᠯᠡ ᠵᠡᠷᠭᠡ ᠶᠢ ᠮᠡᠳᠡᠬᠦ ᠦᠭᠡᠢ ᠦᠪᠡᠷ ᠤᠨ ᠳᠠᠭᠠᠮᠠᠭᠯᠠᠯ ᠢᠶᠠᠷ ᠢᠶᠠᠨ ᠪᠢᠴᠢᠭᠰᠡᠨ ᠪᠤᠶᠤ ᠪᠤᠰᠤᠳ ᠤᠨ ᠠᠳᠡᠬᠦᠷᠡᠯ ᠢ ᠤᠪᠠᠶᠢᠯᠠᠬᠤ ᠦᠭᠡᠢ ᠪᠠᠷ ᠬᠠᠭᠤᠯᠤᠭᠰᠠᠨ ᠠᠴᠠ ︽ᠬᠦᠬᠦᠯ︾ ᠢ ᠨᠢ ︽ᠬᠦᠭᠡᠯ︾᠂ ︽ᠮᠠᠨᠵᠢᠯᠭ᠎ᠠ︾ ᠭᠡᠵᠦ ᠳᠡᠮᠳᠡᠭᠯᠡᠵᠡᠢ᠃ ◆ ᠶᠢᠰᠦᠨ ᠬᠦᠯᠳᠦ ᠴᠠᠭᠠᠨ ᠰᠦᠯᠳᠡ ᠶᠢᠨ ᠪᠦᠳᠦᠴᠡ ᠶᠢᠰᠦᠨ ᠬᠦᠯᠳᠦ ᠴᠠᠭᠠᠨ ᠳᠤᠭ ᠨᠢ ᠭᠤᠤᠯ ᠰᠦᠯᠳᠡ ᠪᠠ ᠡᠯᠴᠢ ᠰᠦᠯᠳᠡ ᠪᠠᠷ ᠪᠦᠷᠢᠯᠳᠦᠨ᠎ᠡ᠃ ᠭᠤᠤᠯ ᠰᠦᠯᠳᠡ ᠶᠢᠨ ᠤᠷᠤᠢ ᠨᠢ ᠨᠢᠭᠡ ᠳᠤᠬᠤᠢ ᠤᠷᠳᠤ ᠠᠯᠳᠠ ᠪᠠᠷ ᠦᠩᠭᠡᠯᠡᠭᠰᠡᠨ ᠭᠤᠷᠪᠠᠨ ᠦᠵᠦᠬᠦᠷᠳᠦ ᠳᠡᠮᠦᠷ ᠰᠡᠷᠡᠭᠡ ᠮᠠᠶ᠋ᠢᠭ ᠲᠠᠢ ᠡᠳ᠋ ︵ᠪᠠᠰᠠ ᠰᠧᠰᠤᠮ ᠭᠡᠳᠡᠭ︶ ᠶᠤᠮ᠃ ᠰᠡᠷᠡᠭᠡᠨ ᠤ ᠬᠤᠶᠠᠷ ᠳᠠᠯ᠎ᠠ ᠨᠢ ᠨᠤᠮᠤ ᠪᠠᠨ ᠳᠦᠯᠦᠭᠡᠯᠡᠵᠦ᠂ ᠭᠤᠤᠯ ᠤᠨ ᠵᠢᠳᠡ ᠰᠢᠭ᠋ ᠶᠠᠭᠤᠮ᠎ᠠ ᠨᠢ ᠰᠤᠮᠤ ᠪᠠᠨ ᠳᠦᠯᠦᠭᠡᠯᠡᠵᠦ ᠪᠠᠶᠢᠨ᠎ᠠ ᠭᠡᠳᠡᠭ᠃    ᠰᠡᠷᠡᠭᠡ ᠶᠢᠨ ᠳᠤᠤᠷ᠎ᠠ ᠳᠠᠯ᠎ᠠ ᠳᠤ ᠨᠢ ᠡᠰᠢ ᠬᠢᠬᠦ ᠤᠩᠬᠢ ᠲᠠᠢ ᠪᠠᠶᠢᠳᠠᠭ᠂ ᠵᠠᠷᠢᠮ ᠨᠢ ᠳᠤᠤᠷ᠎ᠠ ᠳᠠᠯ᠎ᠠ ᠳᠠᠭᠠᠨ ᠡᠰᠢ ᠮᠤᠳᠤᠨ ᠳᠤ ᠬᠠᠳᠬᠤᠨ ᠳᠤᠭᠳᠠᠭᠠᠬᠤ ᠱᠤᠷᠤ ᠲᠠᠢ ᠪᠠᠶᠢᠳᠠᠭ᠃ ᠮᠤᠩᠭᠤᠯ ᠤᠯᠤᠰ ᠲᠤ ᠬᠠᠳᠠᠭᠠᠯᠠᠵᠦ ᠪᠠᠶᠢᠬᠤ ᠴᠠᠭᠠᠨ ᠰᠦᠯᠳᠡ ᠶᠢᠨ ᠤᠷᠤᠢ ᠨᠢ ᠬᠠᠷ᠎ᠠ ᠪᠠ ᠠᠯᠠᠭ ᠰᠦᠯᠳᠡ ᠮᠡᠳᠦ ᠳᠤᠤᠷ᠎ᠠ ᠪᠠᠨ ᠡᠰᠢ ᠬᠢᠬᠦ ᠤᠩᠬᠢ ᠲᠠᠢ ᠪᠠᠶᠢᠳᠠᠭ᠂ ᠬᠠᠷᠢᠨ ᠦᠤᠰᠢᠨ ᠳᠤ ᠬᠠᠳᠠᠭᠠᠯᠠᠵᠦ ᠪᠠᠶᠢᠬᠤ ᠴᠠᠭᠠᠨ ᠰᠦᠯᠳᠡ ᠨᠢ ᠤᠷᠤᠢ ᠶᠢᠨ ᠰᠧᠰᠤᠮ ᠤᠨ ᠳᠤᠤᠷ᠎ᠠ ᠱᠤᠷᠤ ᠭᠠᠷᠭᠠᠨ ᠡᠰᠢ ᠮᠤᠳᠤᠨ ᠳᠤ ᠬᠠᠳᠬᠤᠵᠦ ᠳᠤᠭᠳᠠᠭᠠᠬᠤ ᠪᠠᠷ ᠦᠢᠯᠡᠳᠴᠠᠢ᠃ ᠴᠠᠭᠠᠨ ᠰᠦᠯᠳᠡ ᠶᠢᠨ ᠬᠦᠬᠦᠯ ᠢ ᠳᠤᠭᠳᠠᠭᠠᠳᠠᠭ ᠳᠦᠬᠦᠷᠢᠭ ᠴᠡᠷ᠎ᠡ ᠶᠢ ᠰᠡᠷᠡᠭᠡᠨ ᠤ ᠳᠤᠤᠷ᠎ᠠ ᠪᠠᠬᠢᠯᠡᠨ ᠳᠤᠭᠳᠠᠭᠠᠳᠠᠭ᠃ ᠬᠦᠬᠦᠯ ᠵᠡᠬᠦᠬᠦ ᠴᠡᠷ᠎ᠡ ᠴᠦ ᠬᠤᠶᠠᠷ ᠵᠦᠢᠯ ᠪᠤᠢ᠃ ᠨᠢᠭᠡ ᠵᠦᠢᠯ ᠨᠢ ᠤᠩᠬᠢᠨ ᠤ ᠳᠡᠭᠡᠷ᠎ᠡ ᠳᠡᠯ᠎ᠡ ᠳᠤ ᠳᠦᠬᠦᠷᠢᠭ ᠮᠦᠩᠬᠦᠨ ᠴᠡᠷ᠎ᠡ ᠶᠢ ᠳᠡᠭᠡᠭ ᠢᠶᠠᠷ ᠰᠢᠬᠠᠨ ᠳᠤᠭᠳᠠᠭᠠᠵᠦ ᠴᠡᠷ᠎ᠡ ᠶᠢᠨ ᠬᠦᠪᠡᠭᠡ ᠶᠢ ᠳᠠᠭᠠᠭᠤᠯᠵᠦ ᠨᠠᠶᠠᠨ ᠨᠢᠭᠡᠨ ᠨᠦᠭᠡ ᠭᠠᠷᠭᠠᠵᠦ ᠨᠦᠭᠡᠨ ᠠᠴᠠ ᠨᠢ ᠰᠡᠷᠡᠯ ᠠᠵᠢᠷᠭᠠᠨ ᠤ ᠭᠤᠷᠪᠠᠨ ᠳᠦᠭᠡ ᠲᠦᠷᠪᠡᠨ ᠬᠤᠷᠤᠭᠤ ᠤᠷᠳᠤ ᠳᠡᠯ ᠢ ᠢᠮᠠᠭᠠᠨ ᠠᠷᠠᠰᠤᠨ ᠳᠡᠰᠡᠮ᠎ᠠ ᠪᠠᠷ ᠰᠦᠯᠵᠢᠨ ᠤᠨᠵᠢᠢᠯᠭᠠᠳᠠᠭ᠃ ᠪᠠᠰᠠ ᠨᠢᠭᠡ ᠵᠦᠢᠯ ᠨᠢ ᠰᠡᠷᠡᠭᠡᠨ ᠤ ᠳᠤᠤᠷ᠎ᠠ ᠳᠠᠯ᠎ᠠ ᠳᠤ ᠳ᠋ᠢᠶᠠᠮᠧᠳ᠋ᠷ ᠨᠢ ᠨᠠᠢᠮᠠᠨ ᠢᠮᠠᠬᠤ᠂ ᠵᠤᠵᠠᠭᠠᠨ ᠢᠶᠠᠷ ᠢᠶᠠᠨ ᠨᠢᠭᠡ ᠢᠮᠠᠬᠤ ᠬᠠᠭᠠᠰ ᠳᠦᠬᠦᠷᠢᠭ ᠮᠤᠳᠤᠨ ᠬᠠᠪᠳᠠᠰᠤ ᠳᠠᠭᠠᠷᠠᠭᠤᠯᠵᠦ᠂ ᠮᠤᠳᠤᠨ ᠬᠠᠪᠳᠠᠰᠤᠨ ᠤ ᠵᠤᠵᠠᠭᠠᠨ ᠲᠠᠢ ᠠᠳᠠᠯᠢᠬᠠᠨ ᠨᠠᠷᠢᠬᠠᠨ ᠴᠠᠭᠠᠨ ᠢᠰᠡᠭᠡᠢ ᠶᠢ ᠬᠠᠪᠳᠠᠰᠤ ᠪᠠᠨ ᠳᠤᠭᠤᠷᠢᠭᠤᠯᠤᠨ ᠬᠠᠳᠠᠵᠦ ᠰᠡᠷᠠᠯ ᠠᠵᠢᠷᠭᠠᠨ ᠤ ᠳᠡᠯ ᠢᠶᠠᠨ ᠵᠢᠭᠳᠡ ᠪᠠᠷ ᠳᠤᠭᠤᠷᠢᠭᠤᠯᠤᠨ ᠰᠤᠯᠠ ᠳᠠᠯᠪᠢᠵᠦ ᠴᠠᠭᠠᠨ ᠶᠤᠷᠤᠭ ᠢᠶᠠᠷ ᠬᠠᠪᠴᠢᠨ ᠳᠠᠷᠤᠭᠠᠳ ᠭᠠᠳᠠᠭᠤᠷ ᠨᠢ ᠠᠯᠳᠠ ᠪᠠᠷ ᠦᠩᠭᠡᠯᠡᠭᠰᠡᠨ ᠭᠠᠤᠯᠢᠨ ᠴᠠᠭᠠᠷᠢᠭ ᠤᠷᠤᠭᠤᠯᠵᠦ ᠴᠢᠩᠭᠠᠯᠠᠳᠠᠭ᠃ ᠤᠨᠵᠠᠶᠢᠯᠭᠠᠭᠰᠠᠨ ᠳᠡᠯ ᠬᠢᠯᠭᠠᠰᠤ ᠶᠢ ᠰᠦᠯᠳᠡ ᠶᠢᠨ ᠬᠦᠬᠦᠯ ᠬᠡᠳᠡᠭ᠃ ᠪᠠᠰᠠ ︽ᠵᠢᠪᠠᠷ︾᠂ ︽ᠮᠠᠨᠵᠢᠯᠭ᠎ᠠ︾ ᠭᠡᠵᠦ ᠬᠡᠯᠡᠳᠡᠭ᠃ ᠴᠡᠷ᠎ᠡ ᠮᠡᠳᠦ ᠳᠦᠬᠦᠷᠢᠭ ᠮᠤᠳᠤ ᠶᠢ ᠰᠦᠯᠳᠡ ᠶᠢᠨ ᠮᠠᠯᠠᠭᠠᠢ ᠭᠡᠵᠦ ᠬᠡᠯᠡᠳᠡᠭ᠃ ᠢᠰᠡᠭᠡᠢ ᠪᠡ ᠶᠤᠷᠤᠭ ᠢᠶᠠᠷ ᠳᠡᠯ ᠬᠢᠯᠭᠠᠰᠤ ᠪᠠᠨ ᠬᠠᠪᠴᠢᠵᠦ ᠭᠠᠳᠠᠭᠤᠷ ᠨᠢ ᠤᠷᠤᠭᠤᠯᠤᠭᠰᠠᠨ ᠴᠠᠭᠠᠷᠢᠭ ᠢ ︽ᠮᠡᠩᠷᠡᠨ︾᠂ ︽ᠳᠤᠵᠢᠷᠭ᠎ᠠ︾ ᠭᠡᠳᠡᠭ᠃ ᠦᠤᠰᠢᠨ ᠳᠠᠬᠢ ᠴᠠᠭᠠᠨ ᠰᠦᠯᠳᠡ ᠶᠢᠨ ᠬᠦᠬᠦᠯ ᠢ ᠬᠤᠶᠢᠨᠠᠬᠢ ᠠᠷᠭ᠎ᠠ ᠪᠠᠷ ᠦᠢᠯᠡᠳᠴᠠᠢ᠃ ᠭᠤᠤᠯ ᠰᠦᠯᠳᠡ ᠳᠡᠭᠡᠨ ᠬᠦᠨᠳᠡᠯᠡᠨ ᠤᠭᠳᠤᠯᠤᠭᠠᠰᠤ ᠶᠢᠨ ᠳ᠋ᠢᠶᠠᠮᠧᠳ᠋ᠷ ᠨᠢ ᠳᠠᠪᠤᠨ ᠢᠮᠠᠬᠤ ᠪᠦᠳᠦᠬᠦᠨ᠂ ᠤᠷᠳᠤ ᠪᠠᠷ ᠢᠶᠠᠨ ᠠᠷᠪᠠᠨ ᠭᠤᠷᠪᠠᠨ ᠳᠤᠬᠤᠢ ᠬᠠᠷ᠎ᠠ ᠮᠤᠳᠤᠨ ᠡᠰᠢ ᠳᠠᠭᠠᠷᠠᠭᠤᠯᠳᠠᠭ᠃ ᠡᠬᠦᠨ ᠢ ᠰᠦᠯᠳᠡ ᠶᠢᠨ ᠰᠢᠯᠪᠢ ᠬᠡᠳᠡᠭ᠃ ᠰᠦᠯᠳᠡ ᠶᠢᠨ ᠡᠰᠢ ᠶᠢ ᠲᠦᠷᠪᠡᠯᠵᠢᠯᠡᠨ ᠰᠡᠶᠢᠯᠦᠭᠰᠡᠨ᠂ ᠳᠤᠮᠳᠠ ᠪᠠᠨ ᠨᠦᠭᠡ ᠲᠠᠢ ᠪᠤᠷᠵᠢᠨ ᠴᠢᠯᠠᠭᠤᠨ ᠰᠠᠭᠤᠳᠠᠯ ᠳᠤ ᠬᠠᠳᠬᠤᠵᠦ ᠪᠤᠰᠬᠠᠳᠠᠭ᠃ ᠴᠠᠭᠠᠨ ᠰᠦᠯᠳᠡ ᠶᠢᠨ ᠰᠠᠭᠤᠳᠠᠯ ᠢ ᠵᠠᠷᠢᠮ ᠭᠠᠵᠠᠷ ᠲᠤ ᠰᠢᠪᠡᠷ ᠳᠤᠭᠤᠰᠬ᠎ᠠ ᠪᠠᠷ ᠬᠢᠬᠦ ᠪᠤᠶᠤ ᠪᠤᠷᠭᠠᠰᠤ ᠶᠢ ᠳᠤᠭᠤᠶᠢᠯᠠᠨ ᠬᠦᠷᠦᠵᠦ ᠳᠤᠳᠤᠷ᠎ᠠ ᠨᠢ ᠰᠢᠷᠤᠢ ᠳᠦᠬᠦᠷᠭᠡᠵᠦ ᠬᠢᠳᠡᠭ ᠪᠠᠶᠢᠵᠠᠢ᠃    ᠭᠤᠤᠯ ᠰᠦᠯᠳᠡ ᠠᠴᠠ ᠪᠠᠨ ᠭᠤᠷᠪᠠᠨ ᠠᠯᠳᠠ ᠵᠠᠶᠢᠳᠠᠢ ᠲᠦᠷᠪᠡᠨ ᠦᠨᠴᠦᠭ᠂ ᠲᠦᠷᠪᠡᠨ ᠳᠠᠯ᠎ᠠ ᠳᠤ ᠨᠢ ᠨᠠᠢᠮᠠᠨ ᠡᠯᠴᠢ ᠰᠦᠯᠳᠡ ᠪᠤᠰᠬᠠᠵᠦ ᠬᠢᠯᠭᠠᠰᠤ ᠪᠠᠷ ᠳᠠᠮᠤᠭᠰᠠᠨ ᠬᠦᠬᠡᠨᠡᠴᠤᠭ᠌ ᠢᠶᠠᠷ ᠭᠤᠤᠯ ᠰᠦᠯᠳᠡ ᠲᠠᠢ ᠪᠠᠨ ᠴᠢᠭᠳᠠᠯᠠᠨ ᠬᠤᠯᠪᠤᠳᠠᠭ᠃ ᠡᠯᠴᠢ ᠰᠦᠯᠳᠡ ᠶᠢᠨ ᠡᠰᠢ ᠨᠢ ᠶᠢᠰᠦᠨ ᠳᠤᠬᠤᠢ ᠤᠷᠳᠤ ᠪᠠᠶᠢᠳᠠᠭ᠂ ᠰᠡᠷᠡᠭᠡ ᠨᠢ ᠭᠤᠤᠯ ᠰᠦᠯᠳᠡ ᠲᠠᠢ ᠪᠠᠨ ᠠᠳᠠᠯᠢ᠃ ᠡᠯᠴᠢ ᠰᠦᠯᠳᠡ ᠶᠢ ᠪᠠᠰᠠ ︽ᠪᠠᠭ᠎ᠠ ᠰᠦᠯᠳᠡ︾᠂ ︽ᠳᠠᠭᠠᠯᠳᠠ ᠰᠦᠯᠳᠡ︾᠂ ︽ᠵᠠᠷᠤᠴᠠ ᠰᠦᠯᠳᠡ︾᠂ ︽ᠬᠦᠯ ᠰᠦᠯᠳᠡ︾ ᠭᠡᠵᠦ ᠨᠡᠷᠡᠯᠡᠳᠡᠭ᠃ ᠡᠯᠴᠢ ᠰᠦᠯᠳᠡ ᠨᠢ ᠭᠤᠤᠯ ᠰᠦᠯᠳᠡ ᠪᠠᠨ ᠪᠠᠳᠤ ᠪᠠᠬᠢ ᠳᠤᠭᠳᠠᠭᠠᠬᠤ᠂ ᠭᠤᠤᠯ ᠰᠦᠯᠳᠡ ᠳᠡᠭᠡᠨ ᠰᠦᠷ ᠴᠢᠮᠡᠭ ᠪᠤᠯᠬᠤ ᠦᠢᠯᠡᠳᠦᠯ ᠲᠠᠢ ᠮᠦᠷᠳᠡᠭᠡᠨ ᠨᠠᠰᠢ ᠴᠠᠰᠢ ᠵᠠᠯᠠᠵᠦ ᠶᠠᠪᠤᠬᠤ ᠳᠤ ᠬᠡᠷᠡᠭᠯᠡᠬᠦ ᠪᠡᠯᠡᠳᠭᠡᠯ ᠰᠦᠯᠳᠡ ᠪᠤᠯᠳᠠᠭ᠃ ᠴᠠᠭᠠᠨ ᠰᠦᠯᠳᠡ ᠶᠢ ᠮᠤᠩᠭᠤᠯ ᠤᠷᠤᠨ ᠤ ᠨᠡᠯᠢᠶᠡᠳ ᠬᠡᠳᠦᠨ ᠭᠠᠵᠠᠷ ᠰᠠᠭᠠᠳᠠᠭᠤᠯᠤᠨ ᠳᠠᠬᠢᠵᠦ ᠪᠠᠶᠢᠵᠠᠢ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号