ᠪᠤᠷᠬᠠᠨ ᠤ ᠰᠢᠳᠦᠲᠦ ᠱᠠᠷᠢᠯ ᠤᠨ ᠰᠤᠪᠤᠷᠭ᠎ᠠ
ᠨᠡᠶᠢᠲᠡᠯᠡᠭᠰᠡᠨ ᠴᠠᠭ᠄
2024/2/19
   ᠪᠤᠷᠬᠠᠨ ᠤ ᠰᠢᠳᠦᠲᠦ ᠱᠠᠷᠢᠯ ᠤᠨ ᠰᠤᠪᠤᠷᠭ᠎ᠠ ᠪᠣᠯ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠯᠠᠭᠠᠨᠬᠠᠳᠠ ᠬᠤᠲᠠ ᠶᠢᠨ ᠶᠤᠸᠠᠨ ᠪᠣᠣ ᠱᠠᠨ ᠲᠣᠭᠤᠷᠢᠭ ᠤᠨ ᠮᠤᠬᠤᠷ ᠭᠤᠣᠯ ᠪᠠᠯᠭᠠᠰᠤ ᠶᠢᠨ ᠳ᠋ᠠ ᠶᠢᠩᠽᠢ ᠲᠣᠰᠬᠤᠨ ᠤ ᠬᠤᠶᠢᠲᠤ ᠪᠡᠶ᠎ᠡ ᠶᠢᠨ ᠥᠨᠥᠴᠢᠨ ᠣᠷᠭᠢᠯᠲᠤ ᠠᠭᠤᠯᠠᠨ ᠳᠡᠭᠡᠷ᠎ᠡ ᠪᠠᠶᠢᠳᠠᠭ᠃ ᠠᠭᠤᠯᠠᠨ ᠤ ᠡᠮᠦᠨ᠎ᠡ ᠬᠡᠰᠡᠭ ᠲᠤ ᠯᠢᠶᠣᠤ ᠤᠯᠤᠰ ᠤᠨ ᠠᠮᠤᠭᠤᠯᠠᠩ ᠰᠦᠮ᠎ᠡ ᠶᠢᠨ ᠪᠠᠭᠤᠷᠠᠢ ᠪᠠᠶᠢᠳᠠᠭ᠃ ᠰᠠᠭᠤᠷᠢ ᠳᠡᠭᠡᠷ᠎ᠡ ᠨᠢ ᠳᠠᠬᠢᠵᠦ ᠠᠮᠤᠭᠤᠯᠠᠩ ᠰᠦᠮ᠎ᠡ ᠶᠢ ᠰᠡᠷᠭᠦᠭᠡᠨ ᠪᠠᠶᠢᠭᠤᠯᠵᠠᠢ᠃ ᠠᠭᠤᠯᠠ ᠶᠢᠨ ᠵᠡᠭᠦᠨ ᠬᠤᠷᠮᠣᠢ ᠳᠤᠨᠢ ᠯᠢᠶᠣᠤ ᠤᠯᠤᠰ ᠤᠨ ᠯᠠᠨ ᠯᠢᠩ ᠵᠢᠶᠦ᠋ᠨ ᠬᠠᠳᠤᠨ ᠤ ᠣᠩᠭᠤᠨ ᠪᠠᠶᠢᠳᠠᠭ᠃ ᠲᠣᠰ ᠰᠤᠪᠤᠷᠭ᠎ᠠ ᠨᠢ ᠨᠠᠢᠮᠠᠨ ᠲᠠᠯ᠎ᠠ ᠲᠠᠢ᠂ ᠭᠤᠷᠪᠠᠨ ᠳᠠᠪᠬᠤᠷᠭ᠎ᠠ ᠲᠠᠢ᠂ ᠨᠢᠭᠲᠠ ᠰᠠᠷᠠᠪᠴᠢ ᠲᠠᠢ᠂ ᠲᠣᠭᠤᠰᠬᠠᠨ ᠰᠤᠪᠤᠷᠭ᠎ᠠ ᠶᠤᠮ᠃ ᠰᠤᠪᠤᠷᠭ᠎ᠠ ᠨᠢ ᠪᠠᠷᠤᠭ 15 ᠮᠧᠳ᠋ᠷ ᠥᠨᠳᠥᠷ ᠪᠠᠶᠢᠵᠤ᠂ ᠰᠤᠪᠤᠷᠭ᠎ᠠ ᠨᠢ ᠰᠤᠪᠤᠷᠭ᠎ᠠ ᠶᠢᠨ ᠰᠠᠭᠤᠷᠢ᠂ ᠰᠤᠪᠤᠷᠭ᠎ᠠ ᠶᠢᠨ ᠭᠤᠣᠯ ᠴᠤᠭᠴᠠ᠂ ᠭᠤᠷᠪᠠᠨ ᠳᠠᠪᠬᠤᠷ ᠰᠠᠷᠠᠪᠴᠢ᠂ ᠰᠤᠪᠤᠷᠭ᠎ᠠ ᠶᠢᠨ ᠣᠷᠣᠢ ᠵᠡᠷᠭᠡ ᠪᠠᠷ ᠪᠦᠷᠢᠯᠳᠦᠵᠡᠢ᠃ ᠰᠤᠪᠤᠷᠭ᠎ᠠ ᠶᠢᠨ ᠰᠠᠭᠤᠷᠢ ᠨᠢ ᠳᠠᠪᠬᠤᠷ ᠰᠦᠮᠢᠷ ᠰᠠᠭᠤᠳᠠᠯ ᠲᠠᠢ᠂ ᠰᠤᠪᠤᠷᠭ᠎ᠠ ᠶᠢ ᠰᠢᠭᠤᠳ ᠠᠭᠤᠯᠠᠨ ᠣᠷᠣᠢ ᠶᠢᠨ ᠰᠠᠭᠤᠷᠢ ᠴᠢᠯᠠᠭᠤᠨ ᠳᠡᠭᠡᠷ᠎ᠡ ᠪᠣᠰᠬᠠᠵᠤ᠂ ᠰᠠᠭᠤᠷᠢ ᠶᠢ ᠨᠢ ᠣᠷᠴᠢᠨ ᠦᠶ᠎ᠡ ᠳᠤ ᠵᠠᠰᠠᠨ ᠰᠢᠨᠡᠳᠬᠡᠵᠡᠢ᠃ ᠤᠭ ᠳᠦᠷᠰᠦ ᠨᠢ ᠣᠳᠣ ᠮᠡᠳᠡᠭᠳᠡᠬᠦ ᠦᠭᠡᠢ ᠪᠣᠯᠵᠠᠢ᠃ ᠳᠠᠪᠬᠤᠷ ᠰᠦᠮᠢᠷ ᠰᠠᠭᠤᠳᠠᠯ ᠨᠢ ᠭᠠᠵᠠᠷ ᠤᠨ ᠭᠠᠳᠠᠷᠭᠤ ᠠᠴᠠ 2 ᠮᠧᠳ᠋ᠷ ᠳᠡᠭᠡᠷ᠎ᠡ ᠪᠠᠶᠢᠵᠤ᠂ ᠰᠦᠮᠢᠷ ᠰᠠᠭᠤᠳᠠᠯ ᠨᠢ 2 ᠮᠧᠳ᠋ᠷ ᠥᠨᠳᠥᠷ ᠪᠠᠶᠢᠳᠠᠭ᠃ ᠰᠤᠪᠤᠷᠭ᠎ᠠ ᠶᠢᠨ ᠭᠤᠤᠯ ᠳᠦᠷᠪᠡᠨ ᠲᠠᠯ᠎ᠠ ᠳᠤᠨᠢ ᠨᠤᠮᠤ ᠬᠡᠯᠪᠡᠷᠢ ᠲᠠᠢ ᠭᠤᠯᠳᠣᠩ ᠭᠦᠩᠭᠠᠷᠠᠪᠠ ᠲᠠᠢ᠂ ᠭᠦᠩᠭᠠᠷᠠᠪᠠ ᠶᠢᠨ ᠳᠣᠲᠣᠷᠠᠬᠢ ᠪᠤᠷᠬᠠᠨ ᠨᠢ ᠴᠦᠮ ᠦᠭᠡᠢ ᠪᠣᠯᠵᠠᠢ᠃ ᠪᠤᠯᠤᠩ ᠲᠦᠷᠪᠡᠨ ᠲᠠᠯ᠎ᠠ ᠳᠤᠨᠢ ᠲᠣᠭᠤᠰᠬᠠᠨ ᠳᠡᠭᠡᠷ᠎ᠡ ᠰᠡᠶᠢᠯᠦᠭᠰᠡᠨ ᠪᠤᠳᠢᠰᠳ᠋ᠸ᠎ᠠ ᠶᠢᠨ ᠪᠣᠰᠤᠭ᠎ᠠ ᠬᠦᠷᠦᠭ ᠲᠠᠢ᠂ ᠪᠤᠳᠢᠰᠳ᠋ᠸ᠎ᠠ ᠶᠢᠨ ᠵᠠᠷᠢᠮ ᠨᠢ ᠳᠠᠬᠢᠯᠭ᠎ᠠ ᠶᠢᠨ ᠳᠠᠪᠠᠭ ᠪᠠᠷᠢᠵᠤ᠂ ᠵᠠᠷᠢᠮ ᠨᠢ ᠯᠢᠩᠬ᠊ ᠤᠠ᠋ ᠴᠡᠴᠡᠭ ᠪᠠᠷᠢᠨ᠂ ᠲᠡᠭᠷᠢ ᠶᠢᠨ ᠬᠤᠪᠴᠠᠰᠤ ᠡᠮᠣᠰᠴᠤ᠂ ᠯᠢᠩᠬ᠊ ᠤᠠ᠋ ᠴᠡᠴᠡᠭ ᠳᠡᠭᠡᠷ᠎ᠡ ᠵᠣᠭᠰᠣᠵᠤ ᠪᠠᠶᠢᠨ᠎ᠠ᠃ ᠰᠤᠪᠤᠷᠭ᠎ᠠ ᠪᠠᠨ ᠪᠠᠷᠢᠬᠤ ᠦᠶ᠎ᠡ ᠳᠤ᠂ ᠰᠡᠶᠢᠯᠦᠮᠡᠯ ᠲᠠᠢ ᠲᠣᠭᠤᠰᠬ᠎ᠠ ᠰᠢᠭᠢᠳᠬᠡᠬᠦ ᠣᠷᠣ ᠦᠯᠡᠳᠡᠭᠡᠵᠦ᠂ ᠪᠠᠷᠢᠵᠤ ᠳᠠᠭᠤᠰᠤᠭᠰᠠᠨ ᠤ ᠳᠠᠷᠠᠭ᠎ᠠ ᠪᠤᠳᠢᠰᠳ᠋ᠸ᠎ᠠ ᠶᠢᠨ ᠬᠦᠷᠦᠭ ᠰᠡᠶᠢᠯᠦᠭᠰᠡᠨ ᠲᠣᠭᠤᠰᠬ᠎ᠠ ᠪᠠᠨ ᠰᠢᠭᠢᠳᠬᠡᠵᠡᠢ᠃ ᠭᠦᠩᠭᠠᠷᠠᠪᠠ ᠪᠣᠯᠣᠨ ᠪᠤᠷᠬᠠᠨ ᠤ ᠳᠡᠭᠡᠷ᠎ᠡ ᠨᠢ ᠴᠠᠴᠤᠭᠲᠤ ᠮᠣᠳᠣᠨ ᠯᠠᠪᠷᠢ ᠲᠠᠢ᠃ ᠰᠤᠪᠤᠷᠭᠠᠨ ᠣᠷᠣᠢ ᠳᠡᠭᠡᠷ᠎ᠡ ᠨᠢ ᠵᠥᠪᠬᠡᠨ ᠪᠠᠭᠪᠤᠷ ᠲᠠᠢ᠂ ᠭᠠᠨᠵᠢᠷ᠎ᠠ ᠪᠠᠶᠢᠬᠤ ᠦᠭᠡᠢ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号