ᠠᠯᠠᠱᠠ ᠠᠶᠢᠮᠠᠭ ᠤᠨ ᠡᠵᠡᠨ᠎ᠡ ᠮᠦᠽᠧᠶ ᠳᠤ ᠵᠢᠤᠢ ᠶᠠᠨ ᠤ ᠪᠠᠭᠤᠷᠢ ᠠᠴᠠ ᠮᠠᠯᠲᠠᠵᠤ ᠭᠠᠷᠭᠠᠭᠰᠠᠨ ᠵᠢᠤᠢ ᠶᠠᠨ ᠤ | ᠬᠤᠯᠤᠰᠤᠨ ᠴᠤᠭᠤᠳᠠᠰᠤ ᠮᠡᠳᠦ ᠶᠢᠨ ᠮᠠᠰᠢ ᠣᠯᠠᠨ ᠴᠢᠬᠤᠯᠠ ᠲᠡᠦᠬᠡ ᠶᠢᠨ ᠳᠤᠷᠠᠰᠬᠠᠯᠲᠤ ᠵᠦᠢᠯᠡᠰ ᠢ ᠳᠡᠯᠭᠡᠨ | ᠦᠵᠡᠭᠦᠯᠵᠦ ᠪᠠᠶᠢᠳᠠᠭ᠃ ᠤᠯᠤᠰ ᠤᠨ ᠦᠨᠡᠲᠦ ᠡᠷᠳᠡᠨᠢ ᠪᠣᠯᠤᠭᠰᠠᠨ ᠵᠢᠤᠢ ᠶᠠᠨ ᠤ ᠬᠤᠯᠤᠰᠤᠨ ᠴᠤᠭᠤᠳᠠᠰᠤ᠂ ᠶᠢᠨ | ᠤᠯᠤᠰ ᠤᠨ ᠨᠡᠶᠢᠰᠯᠡᠯ ᠤᠨ ᠬᠠᠭᠤᠴᠢᠨ ᠪᠠᠭᠤᠷᠢ ᠶᠢᠨ ᠶᠠᠰᠤᠨ ᠪᠢᠴᠢᠭ᠂ ᠳ᠋ᠦᠨᠬᠤᠸᠠᠩ ᠤᠨ ᠰᠤᠷᠪᠤᠯᠵᠢ ᠪᠢᠴᠢᠭ᠂ | ᠮᠢᠩ ᠤᠯᠤᠰ ᠴᠢᠩ ᠤᠯᠤᠰ ᠤᠨ ᠰᠠᠶᠢᠳ ᠨᠠᠷ ᠤᠨ ᠵᠥᠪᠯᠡᠯ ᠤᠨ ᠬᠥᠮᠥᠷᠭᠡ ᠶᠢᠨ ᠲᠠᠩᠰᠠ ᠡᠪᠬᠡᠮᠡᠯ ᠢ 20 ᠳ᠋ᠤᠭᠠᠷ | ᠵᠠᠭᠤᠨ ᠤ ᠡᠬᠢᠨ ᠤ ᠦᠶ᠎ᠡ ᠶᠢᠨ ᠳᠤᠮᠳᠠᠳᠤ ᠤᠯᠤᠰ ᠤᠨ ᠰᠤᠷᠪᠤᠯᠵᠢ ᠪᠢᠴᠢᠭ ᠤᠨ ︽ᠳᠦᠷᠪᠡᠨ ᠶᠡᠭᠡ | ᠢᠯᠡᠷᠡᠭᠦᠯᠦᠯᠲᠡ︾ ᠬᠡᠮᠡᠵᠦ᠂ ᠴᠠᠭᠠᠨ ᠬᠡᠷᠡᠮ ᠬᠢᠯᠢ ᠬᠢᠵᠠᠭᠠᠷ ᠤᠨ ᠰᠣᠶᠣᠯ ᠤᠨ ᠴᠢᠬᠤᠯᠠ ᠲᠡᠦᠬᠡᠨ ᠭᠡᠷᠡᠴᠢ᠂ ᠬᠠᠨ | ᠤᠯᠤᠰ ᠤᠨ ᠲᠡᠦᠬᠡ ᠶᠢ ᠰᠤᠳᠤᠯᠬᠤ ᠬᠤᠪᠣᠷ ᠨᠠᠨᠳᠢᠨ ᠰᠤᠷᠪᠤᠯᠵᠢ ᠪᠢᠴᠢᠭ ᠮᠠᠲ᠋ᠧᠷᠢᠶᠠᠯ ᠪᠠᠶᠢᠵᠦ᠂ ᠲᠦᠢᠯ ᠤᠨ ᠶᠡᠭᠡ | ᠡᠷᠳᠡᠮ ᠰᠢᠨᠵᠢᠯᠡᠭᠡᠨ ᠤ ᠦᠨ᠎ᠡ ᠦᠷᠳᠡᠭ ᠲᠠᠢ᠂ ᠬᠠᠨ ᠤᠯᠤᠰ ᠤᠨ ᠲᠡᠦᠬᠡ ᠶᠢ ᠰᠤᠳᠤᠯᠬᠤ ᠨᠡᠪᠲᠡᠷᠬᠡᠢ ᠲᠤᠯᠢ ᠭᠡᠵᠦ | ᠬᠡᠯᠡᠵᠦ ᠪᠣᠯᠤᠨ᠎ᠠ᠃ | ︽ᠵᠢᠤᠢ ᠶᠠᠨ ᠤ ᠬᠤᠯᠤᠰᠤᠨ ᠴᠤᠭᠤᠳᠠᠰᠤ ᠨᠢ ᠵᠢᠤᠢ ᠶᠠᠨ ᠬᠢᠯᠢ ᠶᠢᠨ ᠴᠠᠶᠢᠵᠠ ᠴᠢᠨᠠᠭᠰᠢᠯᠠᠪᠠᠯ ᠬᠠᠨ | ᠤᠯᠤᠰ ᠤᠨ ᠦᠶ᠎ᠡ ᠶᠢᠨ ᠨᠡᠶᠢᠭᠡᠮ ᠤᠨ ᠤᠯᠤᠰ ᠲᠦᠷᠦ᠂ ᠠᠵᠤ ᠠᠬᠤᠢ᠂ ᠰᠣᠶᠣᠯ᠂ ᠴᠡᠷᠢᠭ ᠤᠨ ᠶᠠᠪᠤᠳᠠᠯ᠂ ᠬᠢᠯᠢ | ᠶᠢᠨ ᠬᠠᠮᠠᠭᠠᠯᠠᠯᠲᠠ᠂ ᠴᠡᠷᠢᠭ ᠰᠠᠭᠤᠯᠭᠠᠵᠦ ᠠᠳᠠᠷ ᠬᠠᠭᠠᠯᠪᠤᠷᠢᠯᠠᠬᠤ᠂ ᠤᠰᠤᠨ ᠠᠰᠢᠭᠯᠠᠯᠲᠠ᠂ ᠭᠠᠵᠠᠷ ᠵᠦᠢ᠂ ᠵᠠᠮ | ᠬᠠᠷᠢᠯᠴᠠᠭ᠎ᠠ᠂ ᠬᠠᠤᠯᠢ ᠴᠠᠭᠠᠵᠠ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠂ ᠦᠨᠳᠦᠰᠦᠲᠡᠨ᠂ ᠱᠠᠰᠢᠨ | ᠰᠤᠷᠲᠠᠬᠤᠨ ᠵᠡᠷᠭᠡ ᠰᠢᠨᠵᠢᠯᠡᠭᠡᠨ ᠤ ᠰᠠᠯᠠᠭ᠎ᠠ ᠶᠢ ᠰᠤᠳᠤᠯᠬᠤ ᠳᠤ ᠡᠯᠪᠡᠭ ᠪᠠᠶᠠᠯᠢᠭ ᠮᠠᠲ᠋ᠧᠷᠢᠶᠠᠯ ᠬᠠᠩᠭᠠᠵᠤ᠂ | ᠲᠤᠯᠭᠤᠷ ᠪᠢᠴᠢᠭ ᠡᠷᠲᠡᠨ ᠤ ᠨᠣᠮ ᠪᠢᠴᠢᠭ ᠲᠤ ᠲᠡᠮᠳᠡᠭᠯᠡᠭᠰᠡᠨ ᠦᠭᠡᠢ ᠪᠤᠶᠤ ᠲᠡᠮᠳᠡᠭᠯᠡᠭᠰᠡᠨ ᠨᠢ ᠲᠣᠳᠣᠷᠬᠠᠢ ᠦᠭᠡᠢ | ᠪᠠᠶᠢᠭᠰᠠᠨ ᠢ ᠨᠥᠬᠦᠪᠥᠷᠢᠯᠡᠵᠠᠢ᠃ ᠵᠠᠷᠢᠮ ᠨᠢ ᠰᠤᠳᠤᠷ ᠲᠡᠦᠬᠡ ᠳᠤ ᠲᠡᠮᠳᠡᠭᠯᠡᠭᠰᠡᠨ ᠠᠯᠳᠠᠭ᠎ᠠ ᠶᠢ ᠵᠠᠯᠠᠷᠠᠭᠤᠯᠵᠤ | ᠪᠣᠯᠤᠨ᠎ᠠ᠂ ᠵᠠᠷᠢᠮ ᠨᠢ ᠰᠤᠷᠪᠤᠯᠵᠢ ᠪᠢᠴᠢᠭ ᠡᠷᠲᠡᠨ ᠤ ᠪᠢᠴᠢᠭ ᠲᠠᠬᠢ ᠲᠡᠮᠳᠡᠭᠯᠡᠯ ᠳᠤ ᠲᠣᠳᠣᠷᠬᠠᠶᠢᠯᠠᠭᠰᠠᠨ ᠦᠭᠡᠢ | ᠵᠦᠢᠯᠡᠰ ᠢ ᠲᠠᠶᠢᠯᠪᠤᠷᠢᠯᠠᠵᠤ ᠪᠣᠯᠤᠨ᠎ᠠ᠃ ᠵᠢᠤᠢ ᠶᠠᠨ ᠤ ᠬᠤᠯᠤᠰᠤᠨ ᠴᠤᠭᠤᠳᠠᠰᠤ ᠴᠦ ᠲᠡᠷᠡ᠂ ᠠᠭᠤᠯᠭ᠎ᠠ ᠨᠢ ᠴᠦ | ᠲᠡᠷᠡ᠂ ᠪᠦᠷ ᠲᠦᠢᠯ ᠤᠨ ᠶᠡᠭᠡ ᠰᠢᠨᠵᠢᠯᠡᠬᠦ ᠤᠬᠠᠭᠠᠨ ᠤ ᠦᠨ᠎ᠡ ᠥᠷᠲᠡᠭ᠂ ᠲᠡᠦᠬᠡ ᠪᠠ ᠲᠡᠦᠬᠡ ᠶᠢᠨ | ᠳᠤᠷᠠᠰᠬᠠᠯᠲᠤ ᠵᠦᠢᠯᠡᠰ ᠤᠨ ᠦᠨ᠎ᠡ ᠥᠷᠲᠡᠭ ᠲᠠᠢ ᠶᠤᠮ︾ ᠭᠡᠵᠦ ᠡᠵᠡᠨ᠎ᠡ ᠬᠤᠰᠢᠭᠤᠨ ᠤ ᠲᠡᠦᠬᠡ ᠶᠢᠨ | ᠳᠤᠷᠠᠰᠬᠠᠯᠲᠤ ᠵᠦᠢᠯᠡᠰ ᠤᠨ ᠬᠠᠮᠠᠭᠠᠯᠠᠯᠲᠠ ᠶᠢᠨ ᠲᠥᠪ ᠤᠨ ᠡᠷᠬᠢᠯᠡᠭᠴᠢ᠂ ᠡᠵᠡᠨ᠎ᠡ ᠮᠦᠽᠧᠶ ᠶᠢᠨ ᠳᠠᠷᠤᠭ᠎ᠠ ᠲᠡᠮᠦᠷ | ᠬᠡᠯᠡᠨ᠎ᠠ᠃ | ᠤᠶᠢᠯᠠᠭᠠᠭᠰᠠᠨ ᠢᠶᠠᠷ᠂ ᠵᠢᠤᠢ ᠶᠠᠨ ᠤ ᠬᠤᠯᠤᠰᠤᠨ ᠴᠤᠭᠤᠳᠠᠰᠤ ᠶᠢ 20 ᠳ᠋ᠤᠭᠠᠷ ᠵᠠᠭᠤᠨ ᠤ ᠭᠤᠴᠢᠭᠠᠳ | ᠣᠨ ᠤ ᠡᠬᠢ ᠪᠠᠷ ᠢᠯᠡᠷᠡᠭᠦᠯᠦᠨ ᠠᠭᠤᠳᠠᠯᠵᠦ ᠭᠠᠷᠭᠠᠨ᠂ ᠡᠵᠡᠨ᠎ᠡ ᠬᠤᠰᠢᠭᠤᠨ ᠤ ᠵᠢᠤᠢ ᠶᠠᠨ ᠤ ᠪᠠᠭᠤᠷᠢ ᠠᠴᠠ | ᠣᠯᠳᠠᠭᠰᠠᠨ ᠬᠤᠯᠤᠰᠤᠨ ᠴᠤᠭᠤᠳᠠᠰᠤ ᠶᠢᠨ ᠲᠤᠭ᠎ᠠ 3 ᠲᠦᠮᠡ ᠶᠢ ᠳᠠᠪᠠᠪᠠ᠃ ᠠᠩᠬ᠎ᠠ ᠠᠭᠤᠳᠠᠯᠵᠦ ᠭᠠᠷᠭᠠᠭᠰᠠᠨ | ᠵᠢᠤᠢ ᠶᠠᠨ ᠤ ᠬᠤᠯᠤᠰᠤᠨ ᠴᠤᠭᠤᠳᠠᠰᠤ ᠶᠢ 1930 ᠣᠨ ᠳᠤ ᠳᠤᠮᠳᠠᠳᠤ ᠰᠸᠢᠰ ᠤᠨ ᠪᠠᠷᠠᠭᠤᠨ ᠬᠤᠶᠢᠲᠤ | ᠤᠷᠤᠨ ᠤ ᠰᠢᠨᠵᠢᠯᠡᠬᠦ ᠤᠬᠠᠭᠠᠨ ᠤ ᠪᠠᠶᠢᠴᠠᠭᠠᠯᠲᠠ ᠶᠢᠨ ᠪᠦᠯᠬᠦᠮ ᠡᠵᠡᠨ᠎ᠡ ᠶᠢᠨ ᠬᠠᠭᠤᠴᠢᠨ ᠲᠣᠷᠭᠤᠳ ᠤᠨᠴᠠᠭᠠᠢ | ᠬᠤᠰᠢᠭᠤᠨ ᠳᠤ ᠰᠢᠨᠵᠢᠯᠡᠨ ᠪᠠᠶᠢᠴᠠᠭᠠᠬᠤ ᠳᠠᠭᠠᠨ ᠢᠯᠡᠷᠡᠭᠦᠯᠦᠭᠰᠡᠨ ᠶᠤᠮ᠂ ᠨᠡᠶᠢᠲᠡ ᠲᠦᠮᠡ ᠭᠠᠷᠤᠶ ᠵᠦᠢᠯ ︵ᠣᠲᠣ | ᠲᠠᠶᠢᠸᠠᠨ ᠳᠤ ᠬᠠᠳᠠᠭᠠᠯᠠᠭᠳᠠᠵᠤ ᠪᠣᠶ︶ ᠪᠠᠶᠢᠵᠤ᠂ ︽ᠵᠢᠤᠢ ᠶᠠᠨ ᠬᠠᠭᠤᠴᠢᠨ ᠴᠤᠭᠤᠳᠠᠰᠤ︾ ᠭᠡᠳᠡᠭ︔ 1972 | ᠣᠨ ᠠᠴᠠ 1976 ᠣᠨ ᠪᠣᠯᠲᠠᠯ᠎ᠠ ᠭᠠᠨᠰᠦ ᠮᠤᠵᠢ ᠶᠢᠨ ᠵᠢᠤᠢ ᠶᠠᠨ ᠤ ᠬᠠᠭᠤᠴᠢ ᠰᠤᠳᠤᠯᠤᠯ ᠤᠨ ᠠᠩᠭᠢ | ᠬᠠᠭᠤᠴᠢᠨ ᠬᠤᠳᠠ᠂ ᠵᠢᠶᠠ ᠴᠢᠦᠶ ᠶᠢᠨ ᠳᠥᠷᠪᠡᠳᠦᠭᠡᠷ ᠴᠤᠨᠵᠢ ᠪᠣᠯᠤᠨ ᠢᠢᠶᠠᠨ ᠱᠦᠶ ᠶᠢᠨ ᠭᠤᠸᠠᠨ ᠤ ᠪᠠᠭᠤᠷᠢ ᠶᠢ | ᠠᠭᠤᠳᠠᠯᠵᠤ᠂ 2 ᠲᠦᠮᠡ ᠭᠠᠷᠤᠶ ᠬᠤᠯᠤᠰᠤᠨ ᠴᠤᠭᠤᠳᠠᠰᠤ ᠶᠢ ᠠᠭᠤᠳᠠᠯᠵᠦ ᠭᠠᠷᠭᠠᠨ᠂ ᠣᠲᠣ ᠭᠠᠨᠰᠦ ᠮᠤᠵᠢ ᠶᠢᠨ | ᠲᠡᠦᠬᠡ ᠶᠢᠨ ᠳᠤᠷᠠᠰᠬᠠᠯᠲᠤ ᠵᠦᠢᠯᠡᠰ ᠬᠠᠭᠤᠴᠢ ᠰᠤᠳᠤᠯᠤᠯ ᠤᠨ ᠰᠤᠳᠤᠯᠭᠠᠨ ᠤ ᠭᠠᠵᠠᠷ ᠲᠤ ᠬᠠᠳᠠᠭᠠᠯᠠᠭᠳᠠᠵᠤ᠂ ︽ | ᠵᠢᠤᠢ ᠶᠠᠨ ᠤ ᠰᠢᠨ᠎ᠠ ᠴᠤᠭᠤᠳᠠᠰᠤ︾ ᠭᠡᠳᠡᠭ︔ 1999 ᠣᠨ ᠠᠴᠠ 2003 ᠣᠨ ᠪᠣᠯᠲᠠᠯ᠎ᠠ ᠥᠪᠥᠷ | ᠮᠣᠩᠭᠤᠯ ᠤᠨ ᠲᠡᠦᠬᠡ ᠶᠢᠨ ᠳᠤᠷᠠᠰᠬᠠᠯᠲᠤ ᠵᠦᠢᠯᠡᠰ ᠬᠠᠭᠤᠴᠢ ᠰᠤᠳᠤᠯᠤᠯ ᠤᠨ ᠭᠠᠵᠠᠷ ᠤᠨ ᠬᠢᠨ ᠵᠢᠶᠠ ᠴᠢᠦᠢ | ᠪᠤᠭᠤᠮᠳᠠ ᠶᠢᠨ 4 ᠰᠠᠭᠤᠷᠢ ᠴᠤᠨᠵᠢ ᠶᠢ ᠠᠭᠤᠳᠠᠯᠵᠦ᠂ 500 ᠭᠠᠷᠤᠢ ᠬᠤᠯᠤᠰᠤᠨ ᠴᠤᠭᠤᠳᠠᠰᠤ ᠠᠭᠤᠳᠠᠯᠤᠨ | ᠭᠠᠷᠭᠠᠵᠤ᠂ ᠤᠳᠤ ᠥᠪᠥᠷ ᠮᠣᠩᠭᠤᠯ ᠤᠨ ᠲᠡᠦᠬᠡ ᠶᠢᠨ ᠳᠤᠷᠠᠰᠬᠠᠯᠲᠤ ᠵᠦᠢᠯᠡᠰ ᠬᠠᠭᠤᠴᠢ ᠰᠤᠳᠤᠯᠤᠯ ᠤᠨ | ᠭᠠᠵᠠᠷ ᠲᠤ ᠬᠠᠳᠠᠭᠠᠯᠠᠭᠳᠠᠵᠤ ᠪᠤᠢ᠂ ᠪᠠᠰᠠ ︽ᠡᠵᠡᠨ᠎ᠡ ᠶᠢᠨ ᠬᠤᠯᠤᠰᠤᠨ ᠴᠤᠭᠤᠳᠠᠰᠤ︾ ᠭᠡᠳᠡᠭ᠃ | ︽ᠡᠲᠡᠭᠡᠷ ᠴᠤᠭᠤᠳᠠᠰᠤ ᠶᠢᠨ ᠣᠯᠠᠩᠬᠢ ᠨᠢ ᠬᠠᠨ ᠤᠯᠤᠰ ᠤᠨ ᠵᠢᠤᠢ ᠶᠠᠨ ᠬᠢᠯᠢ ᠶᠢᠨ ᠴᠠᠶᠢᠵᠠ ᠶᠢᠨ ᠬᠤᠳᠠ | ᠬᠠᠮᠠᠭᠠᠯᠠᠬᠤ ᠲᠠᠩᠰᠠ ᠡᠪᠬᠡᠮᠡᠯ ᠪᠠᠶᠢᠵᠦ᠂ 2000 ᠭᠠᠷᠤᠶ ᠵᠢᠯ ᠤᠨ ᠡᠮᠦᠨᠡᠬᠢ ᠬᠠᠨ ᠤᠯᠤᠰ ᠤᠨ ᠬᠥᠮᠦᠨ ᠤ | ᠬᠠᠮᠤᠭ ᠤᠨ ᠡᠷᠲᠡᠨ ᠤ ᠦᠰᠦᠨ ᠪᠢᠷ ᠤᠨ ᠤᠷᠠᠨ ᠪᠢᠴᠢᠯᠭᠡ᠂ ᠮᠥᠨ ᠴᠦ ᠬᠠᠨ ᠤᠯᠤᠰ ᠤᠨ ᠬᠢᠯᠢ ᠬᠢᠵᠠᠭᠠᠷ ᠤᠨ | ᠬᠤᠲᠠ ᠬᠠᠮᠠᠭᠠᠯᠠᠬᠤ ᠲᠦᠷᠢᠮ᠂ ᠨᠡᠶᠢᠭᠡᠮ ᠤᠨ ᠠᠵᠤ ᠠᠬᠤᠶ᠂ ᠨᠣᠮ ᠳᠡᠪᠲᠡᠷ ᠳᠠᠩᠰᠠ ᠡᠪᠬᠡᠮᠡᠯ᠂ ᠦᠭᠡ ᠬᠡᠯᠡ᠂ | ᠤᠷᠠᠨ ᠪᠢᠴᠢᠯᠭᠡ ᠵᠡᠷᠭᠡ ᠶᠢ ᠰᠤᠳᠤᠯᠬᠤ ᠴᠢᠬᠤᠯᠠ ᠲᠡᠦᠬᠡᠨ ᠮᠠᠲ᠋ᠧᠷᠢᠶᠠᠯ ᠪᠣᠯᠤᠨ᠎ᠠ︾ ᠭᠡᠵᠦ ᠲᠡᠮᠦᠷ ᠬᠡᠯᠡᠨ᠎ᠠ᠃ | ᠵᠢᠥᠢ ᠶᠠᠨ ᠤ ᠬᠤᠯᠤᠰᠤᠨ ᠴᠤᠭᠤᠳᠠᠰᠤ ᠶᠢ ᠬᠤᠯᠤᠰᠤ ᠪᠤᠯᠤᠨ ᠮᠣᠳᠣ ᠬᠡᠬᠦ ᠬᠤᠶᠠᠷ ᠲᠦᠷᠦᠯ ᠳᠤ ᠬᠤᠪᠢᠶᠠᠳᠠᠭ᠂ | ᠬᠤᠯᠤᠰᠤᠨ ᠴᠤᠭᠤᠳᠠᠰᠤ ᠨᠢ ᠴᠥᠭᠡᠨ ᠬᠡᠰᠡᠭ ᠢ ᠡᠵᠡᠯᠡᠨ᠎ᠡ᠂ ᠮᠣᠳᠣᠨ ᠴᠤᠭᠤᠳᠠᠰᠤ ᠨᠢ ᠭᠤᠣᠯᠳᠠᠭᠤ ᠲᠤᠬᠠᠶ ᠶᠢᠨ | ᠭᠠᠵᠠᠷ ᠤᠨ ᠲᠣᠣᠷᠠᠶ᠂ ᠰᠤᠬᠠᠶ ᠪᠠᠷ ᠲᠦᠭᠦᠬᠡᠶ ᠮᠠᠲ᠋ᠧᠷᠢᠶᠠᠯ ᠪᠣᠯᠭᠠᠪᠠ᠃ ᠮᠣᠳᠣᠨ ᠴᠤᠭᠤᠳᠠᠰᠤ ᠶᠢᠨ ᠳᠣᠲᠣᠷ᠎ᠠ | ᠡᠵᠡᠯᠡᠬᠦ ᠬᠠᠷᠢᠴᠠᠯ ᠬᠠᠮᠤᠭ ᠤᠨ ᠶᠡᠭᠡ ᠨᠢ ᠬᠠᠨ ᠤᠯᠤᠰ ᠤᠨ ᠵᠠᠬᠢᠳᠠᠯ ᠤᠨ ᠳᠡᠪᠲᠡᠷ ᠪᠣᠯᠤᠨ᠎ᠠ᠂ ᠶᠡᠭᠡ ᠪᠠᠭ᠎ᠠ ᠨᠢ 22. | 5 ᠰᠠᠨᠲ᠋ᠢᠮᠧᠲᠷ ᠠᠴᠠ 23.5 ᠰᠠᠨᠲ᠋ᠢᠮᠧᠲᠷ ᠤᠨ ᠬᠤᠭᠤᠷᠣᠨᠳᠣ ᠪᠠᠶᠢᠳᠠᠭ᠃ ᠵᠢᠤᠢ ᠶᠠᠨ ᠤ ᠬᠤᠯᠤᠰᠤᠨ ᠴᠤᠭᠤᠳᠠᠰᠤ | ᠪᠣᠯ ᠡᠵᠡᠨ᠎ᠡ ᠬᠤᠰᠢᠭᠤᠨ ᠤ ᠬᠢᠯᠢ ᠳᠣᠲᠣᠷ᠎ᠠ ᠠᠴᠠ ᠢᠯᠡᠷᠡᠭᠦᠯᠦᠭᠰᠡᠨ ᠪᠠᠷᠠᠭᠤᠨ ᠬᠠᠨ ᠤᠯᠤᠰ ᠤᠨ ᠡᠦ ᠳ᠋ᠢ | ᠬᠠᠭᠠᠨ ᠠᠴᠠ ᠵᠡᠭᠦᠨ ᠶᠢᠨ ᠤᠯᠤᠰ ᠬᠦᠷᠲᠡᠯᠡᠬᠢ ᠦᠶ᠎ᠡ ᠶᠢᠨ ᠪᠢᠴᠢᠭ ᠪᠣᠯᠤᠨ᠎ᠠ᠂ 270 ᠭᠠᠷᠤᠶ ᠵᠢᠯ ᠤᠨ ᠴᠠᠭ | ᠠᠯᠤᠰᠯᠠᠭᠰᠠᠨ ᠵᠢᠤᠢ ᠶᠠᠨ ᠣᠷᠣᠨ ᠤ ᠲᠡᠦᠬᠡ ᠶᠢ ᠲᠡᠮᠳᠡᠭᠯᠡᠭᠰᠡᠨ ᠨᠡᠪᠲᠡᠷᠬᠡᠶ ᠲᠣᠯᠢ ᠪᠢᠴᠢᠭ᠂ ᠬᠠᠨ ᠤᠯᠤᠰ ᠤᠨ | ᠦᠶ᠎ᠡ ᠶᠢᠨ ᠨᠡᠶᠢᠭᠡᠮ ᠲᠡᠦᠬᠡ ᠶᠢ ᠰᠤᠳᠤᠯᠬᠤ ᠠᠩᠬᠠᠨ ᠤ ᠮᠠᠲ᠋ᠧᠷᠢᠶᠠᠯ ᠪᠤᠯᠬᠤ ᠶᠤᠮ᠃ | ᠣᠶᠢᠯᠠᠭᠠᠭᠰᠠᠨ ᠢᠶᠠᠷ᠂ ᠣᠳᠣᠬᠠᠨ ᠳᠤ ᠡᠵᠡᠨ᠎ᠡ ᠬᠤᠰᠢᠭᠤᠨ ᠤ ᠲᠡᠦᠬᠡ ᠶᠢᠨ ᠳᠤᠷᠠᠰᠬᠠᠯᠲᠤ ᠵᠦᠢᠯᠡᠰ ᠤᠨ | ᠬᠠᠮᠠᠭᠠᠯᠠᠯᠲᠠ ᠶᠢᠨ ᠲᠥᠪ ᠲᠤ ᠬᠠᠳᠠᠭᠠᠯᠠᠭᠳᠠᠵᠦ ᠪᠠᠶᠢᠭ᠎ᠠ ᠬᠤᠯᠤᠰᠤᠨ ᠴᠤᠭᠤᠳᠠᠰᠤ ᠨᠡᠶᠢᠲᠡ 439 ᠪᠣᠶ᠃ ᠡᠲᠡᠭᠡᠷ | ᠬᠤᠪᠣᠷ ᠨᠠᠨᠳᠢᠨ ᠬᠤᠯᠤᠰᠤᠨ ᠴᠤᠭᠤᠳᠠᠰᠤ ᠶᠢ ᠬᠠᠮᠠᠭᠠᠯᠠᠬᠤ ᠶᠢᠨ ᠲᠥᠯᠥᠭᠡ᠂ ᠣᠶᠢᠷ᠎ᠠ ᠶᠢᠨ ᠵᠢᠯ ᠳᠤ ᠡᠵᠡᠨ᠎ᠠ | ᠬᠤᠰᠢᠭᠤᠨ ᠤ ᠲᠡᠦᠬᠡ ᠶᠢᠨ ᠳᠤᠷᠠᠰᠬᠠᠯᠲᠤ ᠵᠦᠢᠯᠡᠰ ᠤᠨ ᠬᠠᠮᠠᠭᠠᠯᠠᠯᠲᠠ ᠶᠢᠨ ᠲᠥᠪ ᠠᠴᠠ ᠡᠮᠬᠢᠯᠡᠵᠦ᠂ ᠳ᠋ᠤᠭᠠᠷᠯᠠᠵᠤ᠂ | ᠬᠡᠷᠡᠯ ᠵᠢᠷᠤᠭ ᠠᠪᠴᠤ᠂ ᠤᠬᠢᠶᠠᠵᠤ᠂ ᠲᠥᠷᠥᠯ ᠬᠤᠪᠢᠶᠠᠵᠤ᠂ ᠲᠠᠩᠰᠠ ᠡᠪᠬᠡᠮᠡᠯ ᠪᠠᠶᠢᠭᠤᠯᠤᠨ᠂ ᠪᠠᠺᠲ᠋ᠧᠷᠢ ᠶᠢ | ᠤᠰᠠᠳᠬᠠᠵᠤ᠂ ᠡᠪᠡᠳᠴᠢᠨ ᠤ ᠬᠤᠤᠷ ᠬᠥᠨᠥᠭᠡᠯ ᠢ ᠰᠡᠷᠭᠡᠶᠢᠯᠡᠨ ᠰᠢᠢᠳᠪᠦᠷᠢᠯᠡᠵᠦ᠂ ᠬᠥᠮᠥᠷᠭᠡ ᠳᠤ ᠬᠠᠳᠠᠭᠠᠯᠠᠵᠠᠶ᠃ | 2013 ᠣᠨ ᠤ 4 ᠰᠠᠷ᠎ᠠ ᠳᠤ ᠲᠣᠰ ᠬᠤᠰᠢᠭᠤ ᠯᠠᠨᠵᠧᠤ ᠬᠤᠲᠠ ᠶᠢᠨ ᠬᠤᠲᠠ ᠶᠢᠨ ᠳᠡᠭᠡᠳᠦ ᠰᠤᠷᠭᠠᠭᠤᠯᠢ ᠶᠢᠨ | ᠬᠤᠯᠤᠰᠤᠨ ᠴᠤᠭᠤᠳᠠᠰᠤ ᠶᠢᠨ ᠰᠤᠳᠤᠯᠭᠠᠨ ᠤ ᠭᠠᠵᠠᠷ ᠤᠨ ᠰᠦᠨ ᠵᠠᠨ ᠢᠦᠶ ᠳᠡᠳ᠋ ᠫᠷᠤᠹᠤᠰᠰᠤᠷ ᠪᠣᠯᠤᠨ ᠦᠬᠠᠨ | ᠶᠡᠭᠡ ᠰᠤᠷᠭᠠᠭᠤᠯᠢ ᠶᠢᠨ ᠬᠤᠯᠤᠰᠤᠨ ᠴᠤᠭᠤᠳᠠᠰᠤ ᠶᠢᠨ ᠰᠤᠳᠤᠯᠭᠠᠨ ᠤ ᠲᠥᠪ ᠤᠨ ᠯᠦ ᠵᠢᠶᠠ ᠯᠢᠶᠠᠩ᠂ ᠳ᠋ᠧᠦ ᠯᠸᠢ | ᠳ᠋ᠣᠺᠲ᠋ᠣᠷ ᠵᠡᠷᠭᠡ ᠡᠷᠳᠡᠮᠳᠡᠨ ᠢ ᠡᠵᠡᠨ᠎ᠡ ᠳᠤ ᠤᠷᠢᠵᠤ᠂ ᠬᠤᠯᠤᠰᠤᠨ ᠴᠤᠭᠤᠳᠠᠰᠤ ᠶᠢ ᠤᠯᠠᠭᠠᠨ ᠤ ᠭᠠᠳᠠᠨᠠᠬᠢ | ᠲᠤᠶᠠᠭ᠎ᠠ ᠪᠠᠷ ᠰᠡᠬᠦᠳᠡᠷᠯᠡᠬᠦ ᠠᠵᠢᠯ ᠬᠢᠯᠭᠡᠭᠰᠡᠨ ᠪᠥᠭᠡᠳ ᠲᠠᠶᠢᠯᠪᠤᠷᠢ ᠬᠢᠯᠭᠡᠵᠦ ᠪᠦᠬᠦᠨ ᠢ ᠬᠤᠷᠤᠭᠤ ᠰᠢᠯ ᠳᠣᠲᠣᠷ᠎ᠠ | ᠪᠢᠲᠡᠭᠦᠮᠵᠢᠯᠡᠨ ᠬᠠᠳᠠᠭᠠᠯᠠᠵᠠᠢ᠃ | ︽ᠮᠦᠽᠧᠢ ᠳᠤ ᠬᠠᠳᠠᠭᠠᠯᠠᠵᠤ ᠪᠠᠶᠢᠭᠰᠠᠨ ᠵᠢᠤᠢ ᠶᠠᠨ ᠤ ᠬᠤᠯᠤᠰᠤᠨ ᠴᠤᠭᠤᠳᠠᠰᠤ ᠶᠢ ᠠᠮᠢᠳᠤᠯᠢᠭ ᠠᠰᠢᠬᠯᠠᠬᠤ | ᠶᠢᠨ ᠲᠤᠯᠠᠳᠠ 2014 ᠣᠨ ᠠᠴᠠ ᠨᠠᠭᠠᠰᠢ ᠪᠢᠳᠡ ᠤᠷᠢᠳ ᠬᠤᠵᠢᠳ ᠱᠠᠩᠬᠠᠢ᠂ ᠪᠤᠤ ᠵᠶᠢ᠂ ᠬᠥᠬᠡᠬᠤᠲᠠ᠂ | ᠵᠢᠦᠴᠢᠦᠸᠠᠨ᠂ ᠦ᠋ ᠸᠧᠢ᠂ ᠳ᠋ᠠᠯᠢᠶᠠᠨ ᠵᠡᠷᠭᠡ ᠭᠠᠵᠠᠷ ᠢᠶᠠᠷ ᠲᠣᠭᠤᠷᠢᠨ ᠦᠵᠡᠭᠦᠯᠭᠡ ᠬᠢᠪᠡ︔ 2019 ᠣᠨ ᠤ 10 | ᠰᠠᠷ᠎ᠠ ᠪᠣᠯᠤᠨ 2023 ᠣᠨ ᠤ 9 ᠰᠠᠷ᠎ᠠ ᠳᠤ ᠪᠢᠳᠡ ᠬᠤᠶᠠᠷ ᠬᠤᠭᠤᠴᠠᠭᠠᠨ ᠤ ᠵᠢᠥᠢ ᠶᠠᠨ ᠰᠣᠶᠣᠯ ᠤᠨ ᠡᠷᠳᠡᠮ | ᠰᠢᠨᠵᠢᠯᠡᠭᠡᠨ ᠤ ᠰᠤᠳᠤᠯᠤᠨ ᠶᠠᠷᠢᠯᠴᠠᠬᠤ ᠬᠤᠷᠠᠯ ᠬᠢᠵᠤ᠂ ᠳᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ | ᠤᠬᠠᠭᠠᠨ ᠤ ᠬᠦᠷᠢᠶᠡᠯᠡᠩ ᠤᠨ ᠲᠡᠦᠬᠡ ᠰᠤᠳᠤᠯᠬᠤ ᠭᠠᠵᠠᠷ᠂ ᠬᠠᠭᠠᠨ ᠤ ᠣᠷᠳᠣᠨ ᠤ ᠮᠦᠽᠧᠶ᠂ ᠪᠡᠭᠡᠵᠢᠩ ᠶᠡᠭᠡ | ᠰᠤᠷᠭᠠᠭᠤᠯᠢ ᠵᠡᠷᠭᠡ ᠤᠯᠤᠰ ᠤᠨ ᠳᠣᠲᠣᠭᠠᠳᠤ ᠶᠢᠨ 18 ᠰᠢᠨᠵᠢᠯᠡᠬᠦ ᠤᠬᠠᠭᠠᠨ ᠤ ᠰᠤᠳᠤᠯᠭᠠᠨ ᠤ ᠬᠦᠷᠢᠶᠡᠯᠡᠩ | ᠭᠠᠵᠠᠷ ᠪᠣᠯᠤᠨ ᠶᠡᠭᠡ ᠳᠡᠭᠡᠳᠦ ᠰᠤᠷᠭᠠᠭᠤᠯᠢ ᠶᠢᠨ ᠲᠡᠦᠬᠡ ᠪᠠ ᠬᠠᠭᠤᠴᠢ ᠰᠤᠳᠤᠯᠤᠯ ᠤᠨ ᠲᠤᠰᠬᠠᠶ ᠮᠡᠷᠭᠡᠵᠢᠯᠲᠡᠨ | ᠡᠷᠳᠡᠮᠲᠡᠳ ︿ᠵᠢᠥᠢ ᠶᠠᠨ ᠰᠣᠶᠣᠯ﹀ ᠤᠨ ᠭᠤᠤᠯ ᠰᠡᠳᠦᠪ ᠤᠨ ᠲᠣᠭᠤᠷᠢᠨ ᠳᠤ ᠭᠦᠨᠵᠡᠭᠡᠶ ᠰᠣᠯᠢᠯᠴᠠᠭ᠎ᠠ ᠶᠠᠷᠢᠯᠴᠠᠭ᠎ᠠ | ᠬᠢᠵᠦ᠂ ᠡᠯᠪᠡᠭ ᠪᠠᠶᠠᠯᠢᠭ ᠰᠤᠳᠤᠯᠭᠠᠨ ᠤ ᠦᠷ᠎ᠡ ᠪᠦᠲᠦᠭᠡᠯ ᠤᠯᠵᠠᠢ᠃ ᠲᠠᠷᠠᠭᠠᠴᠢ ᠪᠠᠷ ᠪᠢᠳᠡ ᠵᠢᠤᠢ ᠶᠠᠨ ᠤ | ᠬᠤᠯᠤᠰᠤᠨ ᠴᠤᠭᠤᠳᠠᠰᠤ ᠶᠢᠨ ᠬᠠᠮᠠᠭᠠᠯᠠᠯᠲᠠ ᠪᠠ ᠡᠷᠳᠡᠮ ᠰᠢᠨᠵᠢᠯᠡᠭᠡᠨ ᠤ ᠰᠤᠳᠤᠯᠭᠠᠨ ᠤ ᠠᠵᠢᠯ ᠢ ᠦᠷᠭᠦᠯᠵᠢᠯᠡᠨ | ᠴᠢᠩᠭᠠᠳᠬᠠᠵᠤ᠂ ᠬᠤᠯᠤᠰᠤᠨ ᠴᠤᠭᠤᠳᠠᠰᠤ ᠶᠢ ᠣᠲᠣ ᠦᠶ᠎ᠡ ᠳᠤ ᠨᠠᠩ ᠶᠡᠭᠡ ᠰᠣᠶᠣᠯ ᠤᠨ ᠦᠨ᠎ᠡ ᠥᠷᠲᠡᠭ ᠲᠠᠢ | ᠪᠣᠯᠭᠠᠨ᠎ᠠ︾ ᠭᠡᠵᠦ ᠲᠡᠮᠦᠷ ᠬᠡᠯᠡᠨ᠎ᠠ᠃ |