ᠥᠮᠥᠰᠥᠨ ᠤ ᠡᠪᠡᠳᠴᠢᠨ ᠬᠤᠷᠣᠬᠠᠢ ᠶᠢᠨ ᠬᠦᠨᠦᠭᠡᠯ ᠤᠨ ᠰᠡᠷᠭᠡᠶᠢᠯᠡᠨ ᠵᠠᠰᠠᠯᠲᠠ
ᠨᠡᠶᠢᠲᠡᠯᠡᠭᠰᠡᠨ ᠴᠠᠭ᠄
2024/10/8
    ᠡᠷᠲᠡ ᠶᠢᠨ ᠬᠢᠵᠢᠭ ᠡᠪᠡᠳᠴᠢᠨ᠄ ᠤᠰᠤ ᠪᠣᠷᠳᠣᠭᠤᠷ ᠤᠨ ᠬᠠᠮᠢᠶᠠᠷᠤᠯᠲᠠ ᠶᠢ ᠴᠢᠩᠭᠠᠳᠬᠠᠵᠤ᠂ ᠡᠪᠡᠳᠴᠢᠨ ᠤ ᠡᠬᠢᠨ ᠤ ᠬᠤᠭᠤᠴᠠᠭᠠᠨ ᠳᠤ ᠹᠧᠨᠽᠧᠨ • ᠫᠷᠣᠫᠠ ᠴᠠᠭᠠᠷᠢᠭ ᠠᠽᠤᠯ ︵苯甲 · 丙环唑︶᠂ ᠫᠢᠷᠢᠮᠢᠳᠢᠨ ᠪᠠᠺᠲ᠋ᠧᠷᠢ ᠶᠢᠨ ᠡᠰᠲ᠋ᠧᠷ ︵嘧菌酯︶᠂ ᠫᠢᠷᠢᠳᠢᠨ ᠠᠼᠢᠯ ᠪᠠᠺᠲ᠋ᠧᠷᠢ ᠶᠢᠨ ᠠᠮᠢᠨ ︵啶酰 菌胺︶᠂ ᠠᠯᠺᠧᠨ • ᠫᠢᠷᠠᠽᠤᠯ ᠤᠨ ᠡᠰᠲ᠋ᠧᠷ ︵烯酰 · 吡唑酯︶᠂ ᠹᠧᠨᠽᠧᠨ • ᠫᠢᠷᠢᠮᠢᠳᠢᠨ ᠪᠠᠺᠲ᠋ᠧᠷᠢ ᠶᠢᠨ ᠡᠰᠲ᠋ᠧᠷ ︵苯甲 · 嘧菌酯︶᠂ ᠤᠺᠰᠠᠳᠤᠨ • ᠹᠯᠣᠷᠲᠤ ᠲᠢᠶᠠᠽᠤᠯ ︵噁酮 · 氟噻唑︶ ᠵᠡᠷᠭᠡ ᠡᠮ ᠨᠠᠶᠢᠷᠠᠯᠭ᠎ᠠ ᠶᠢ ᠵᠢᠭᠳᠡ ᠮᠠᠨᠠᠨᠳᠠᠭᠤᠯᠤᠨ ᠰᠦᠷᠴᠢᠵᠦ᠂ ᠶᠡᠷᠦ ᠳᠡᠭᠡᠨ 5-7 ᠡᠳᠦᠷ ᠠᠯᠤᠰᠯᠠᠵᠤ᠂ ᠦᠷᠭᠦᠯᠵᠢᠯᠡᠨ 2-3 ᠤᠳᠠᠭ᠎ᠠ ᠰᠦᠷᠴᠢᠵᠦ ᠣᠷᠣᠭᠤᠯᠤᠨ᠎ᠠ᠃ ᠡᠮ ᠤᠨ ᠨᠠᠶᠢᠷᠠᠯᠭ᠎ᠠ ᠶᠢ ᠡᠭᠡᠯᠵᠢᠯᠡᠨ ᠬᠡᠷᠡᠭᠯᠡᠬᠦ ᠬᠡᠷᠡᠭᠲᠡᠢ᠃ 1.png ᠣᠷᠣᠢ ᠶᠢᠨ ᠬᠢᠵᠢᠭ ᠡᠪᠡᠳᠴᠢᠨ᠄ ᠴᠣᠮᠣᠷᠯᠢᠭ ᠢᠯᠡᠷᠡᠬᠦ ᠠᠴᠠ ᠡᠬᠢᠯᠡᠨ ᠲᠥᠮᠥᠰᠥ ᠶᠢᠨ ᠣᠷᠣᠢ ᠶᠢᠨ ᠬᠢᠵᠢᠭ ᠡᠪᠡᠳᠴᠢᠨ ᠢ ᠤᠷᠢᠳᠴᠢᠯᠠᠨ ᠰᠡᠷᠡᠮᠵᠢᠯᠡᠭᠦᠯᠬᠦ ᠰᠢᠰᠲ᠋ᠧᠮ ᠤᠨ ᠤᠷᠢᠳᠴᠢᠯᠠᠭᠰᠠᠨ ᠮᠡᠳᠡᠭᠡ ᠪᠣᠯᠣᠨ ᠲᠠᠷᠢᠶᠠᠨ ᠭᠠᠵᠠᠷ ᠤᠨ ᠬᠥᠷᠥᠰᠥᠨ ᠤ ᠴᠢᠭᠢᠭ ᠤᠨ ᠬᠡᠮᠵᠢᠶ᠎ᠡ ᠶᠢ ᠦᠨᠳᠦᠰᠦᠯᠡᠨ ᠬᠡᠮᠵᠢᠨ ᠮᠡᠳᠡᠭᠦᠯᠵᠦ᠂ ᠵᠢᠴᠢ ᠴᠠᠭ ᠠᠭᠤᠷ ᠤᠨ ᠪᠠᠶᠢᠳᠠᠯ ︵ᠢᠷᠡᠭᠡᠳᠦᠢ ᠶᠢᠨ 24 ᠴᠠᠭ ᠤᠨ ᠳᠤᠯᠠᠭᠠᠨ ᠤ ᠬᠡᠮᠵᠢᠶ᠎ᠡ ᠨᠢ 15 — 21℃᠂ ᠬᠠᠷᠢᠴᠠᠩᠭᠤᠢ ᠴᠢᠭᠢᠭᠲᠦᠴᠡ ᠨᠢ 85% ᠠᠴᠠ ᠳᠡᠭᠡᠭᠰᠢ︶᠂ ᠠᠩᠬ᠎ᠠ ᠤᠳᠠᠭ᠎ᠠ ᠡᠬᠢᠯᠡᠵᠦ ᠡᠮ ᠬᠡᠷᠡᠭᠯᠡᠬᠦ ᠬᠡᠷᠡᠭᠲᠡᠢ᠄ ᠡᠮ ᠤᠨ ᠨᠠᠶᠢᠷᠠᠯᠭ᠎ᠠ ᠨᠢ ᠬᠠᠮᠠᠭᠠᠯᠠᠬᠤ ᠡᠮ ᠪᠠ ᠳᠣᠲᠣᠭᠰᠢ ᠰᠣᠷᠣᠬᠤ ᠵᠠᠰᠠᠯᠭ᠎ᠠ ᠶᠢᠨ ᠡᠮ ᠢ ᠰᠣᠩᠭᠤᠵᠤ ᠡᠭᠡᠯᠵᠢᠯᠡᠨ ᠬᠡᠷᠡᠭᠯᠡᠵᠦ᠂ ᠳ᠋ᠸᠢᠢᠰᠧᠨ ᠮᠠᠩᠭᠠᠨ ᠴᠠᠶᠢᠷ ︵代森锰锌︶᠂ ᠠᠯᠺᠢᠯ ᠮᠤᠷᠹᠢᠨ ︵烯酰吗啉︶᠂ ᠱᠦᠸᠠᠩ ᠨᠢᠶᠣᠣ ᠼᠢᠶᠠᠨ • ᠳ᠋ᠸᠢᠢᠰᠧᠨ ᠮᠠᠩᠭᠠᠨ ᠴᠠᠶᠢᠷ ︵霜脲氰 · 代森锰锌︶᠂ ᠹᠯᠣᠷᠲᠤ ᠪᠠᠺᠲ᠋ᠧᠷᠢ • ᠱᠦᠸᠠᠩ ᠮᠸᠢ ᠸᠧᠢ ︵氟菌•霜霉威︶᠂ ᠳ᠋ᠢᠩ ᠽᠢ ᠰᠢᠶᠠᠩᠹᠧᠨᠤᠯ ︵丁子香 酚︶ ᠵᠡᠷᠭᠡ ᠶᠢ ᠰᠣᠩᠭᠤᠨ ᠬᠡᠷᠡᠭᠯᠡᠵᠦ ᠪᠣᠯᠣᠨ᠎ᠠ᠂ ᠶᠡᠷᠦ ᠳᠡᠭᠡᠨ 5 — 7 ᠡᠳᠦᠷ ᠠᠯᠤᠰᠯᠠᠵᠤ ᠂ ᠠᠳᠠᠯᠢ ᠪᠤᠰᠤ ᠲᠦᠷᠦᠯ ᠤᠨ ᠡᠮ ᠢ ᠡᠭᠡᠯᠵᠢᠯᠡᠨ ᠬᠡᠷᠡᠭᠯᠡᠨ᠂ ᠨᠢᠭᠡ ᠵᠦᠢᠯ ᠤᠨ ᠡᠮ ᠢ ᠦᠷᠭᠦᠯᠵᠢᠯᠡᠨ ᠬᠡᠷᠡᠭᠯᠡᠬᠦ ᠶᠢ ᠴᠢᠩᠭ᠎ᠠ ᠴᠡᠭᠡᠷᠯᠡᠵᠦ᠂ ᠡᠮ ᠰᠦᠷᠴᠢᠭᠰᠡᠨ ᠤ ᠳᠠᠷᠠᠭ᠎ᠠ 4 ᠴᠠᠭ ᠤᠨ ᠳᠣᠲᠣᠷ᠎ᠠ ᠪᠣᠷᠣᠭᠠᠨ ᠣᠷᠣᠪᠠᠯ ᠴᠠᠭ ᠲᠤᠬᠠᠢ ᠳᠤᠨᠢ ᠨᠥᠬᠦᠵᠦ ᠰᠦᠷᠴᠢᠬᠦ ᠬᠡᠷᠡᠭᠲᠡᠢ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号