ᠮᠠᠨ ᠤ ᠤᠷᠤᠨ ᠤ 127 ᠠᠵᠤ ᠠᠬᠤᠶᠢᠯᠠᠯ ᠪᠡᠭᠡᠵᠢᠩ ᠳᠤ ᠲᠤᠰᠬᠠᠢ ᠳᠡᠯᠭᠡᠭᠦᠷ ᠨᠡᠬᠡᠬᠡᠪᠡ
ᠨᠡᠶᠢᠲᠡᠯᠡᠭᠰᠡᠨ ᠴᠠᠭ᠄
2024/10/16
   ᠦᠪᠡᠷᠲᠡᠭᠡᠨ ᠵᠠᠰᠠᠬᠤ ᠤᠷᠤᠨ ᠤ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ ᠠᠴᠠ ᠤᠶᠢᠯᠠᠭᠠᠭᠰᠠᠨ ᠢᠢᠡᠷ᠂ ᠲᠦᠷᠦᠬᠦᠬᠡᠨ 2024 ᠣᠨ ᠤ ᠭᠤᠷᠪᠠᠳᠤᠭᠠᠷ ᠬᠤᠭᠤᠴᠠᠭᠠᠨ ᠤ ᠪᠡᠭᠡᠵᠢᠩ ᠥᠪᠥᠷ ᠮᠣᠩᠭᠤᠯ ᠤᠨ ᠠᠵᠤ ᠦᠢᠯᠡᠰ ᠤᠨ ᠵᠤᠯᠭᠠᠯᠴᠠᠭᠠᠨ ᠤ ᠬᠤᠷᠠᠯ ᠪᠡᠭᠡᠵᠢᠩ ᠳᠤ ᠶᠠᠪᠤᠭᠳᠠᠵᠤ᠂ ᠮᠠᠨ ᠤ ᠤᠷᠤᠨ ᠤ 46 ᠠᠵᠤ ᠠᠬᠤᠶᠢᠯᠠᠯ ᠤᠨ ᠬᠢᠨ 500 ᠭᠠᠷᠤᠶ ᠵᠦᠢᠯ ᠤᠨ ᠴᠢᠨᠠᠷ ᠰᠠᠶᠢᠲᠠᠶ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠲᠦᠭᠡᠭᠳᠡᠬᠦᠨ ᠢ ᠲᠦᠪᠯᠡᠷᠡᠭᠦᠯᠦᠨ ᠳᠡᠯᠭᠡᠨ ᠪᠤᠷᠤᠯᠠᠭᠤᠯᠵᠠᠢ᠃   ᠪᠡᠭᠡᠵᠢᠩ ᠥᠪᠥᠷ ᠮᠣᠩᠭᠤᠯ ᠬᠡᠷᠡᠭᠯᠡᠭᠡ ᠪᠠᠷ ᠬᠠᠪᠰᠤᠷᠤᠨ ᠲᠡᠳᠬᠦᠬᠦ ᠠᠵᠢᠯᠯᠠᠭ᠎ᠠ ᠥᠷᠨᠢᠭᠦᠯᠦᠭᠰᠡᠨ ᠠᠴᠠ ᠨᠠᠭᠠᠰᠢ᠂ ᠪᠦᠬᠦ ᠤᠷᠤᠨ ᠤ 400 ᠭᠠᠷᠤᠶ ᠠᠵᠤ ᠠᠬᠤᠶᠢᠯᠠᠯ ᠠᠳᠠᠯᠢ ᠪᠤᠰᠤ ᠠᠷᠭ᠎ᠠ ᠬᠡᠯᠪᠡᠷᠢ ᠪᠠᠷ ᠴᠢᠨᠠᠷ ᠰᠠᠶᠢᠲᠠᠢ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠲᠦᠭᠡᠭᠳᠡᠬᠦᠨ ᠢᠢᠡᠨ ᠪᠡᠭᠡᠵᠢᠩ ᠬᠤᠲᠠ ᠳᠤ ᠪᠣᠷᠣᠯᠠᠭᠤᠯᠵᠤ᠂ ᠣᠲᠣᠬᠠᠨ ᠪᠤᠯᠳᠠᠯ᠎ᠠ 127 ᠠᠵᠤ ᠠᠬᠤᠶᠢᠯᠠᠯ ᠪᠡᠭᠡᠵᠢᠩ ᠳᠤ ᠲᠤᠰᠬᠠᠢ ᠳᠡᠯᠭᠡᠭᠦᠷ ᠨᠡᠬᠡᠭᠡᠵᠤ ᠪᠡᠬᠡᠵᠢᠩ ᠬᠤᠳᠠ ᠶᠢᠨ ᠰᠠᠭᠤᠭᠠᠯᠢ ᠠᠷᠠᠳ ᠤᠨ ︽ᠬᠤᠯᠢᠰᠢᠨ ᠢᠳᠡᠭᠡᠨ︾ ᠢ ᠪᠠᠶᠠᠯᠢᠭᠵᠢᠭᠤᠯᠬᠤ ᠶᠢᠨ ᠬᠠᠮᠲᠤ ᠮᠠᠨ ᠤ ᠤᠷᠤᠨ ᠤ ᠮᠠᠯᠴᠢᠨ ᠲᠠᠷᠢᠶᠠᠴᠢᠨ ᠤ ᠣᠷᠣᠯᠭ᠎ᠠ ᠶᠢ ᠴᠦ ᠨᠡᠮᠡᠭᠳᠡᠭᠦᠯᠦᠭᠰᠡᠨ ᠪᠠᠶᠢᠨ᠎ᠠ᠃ ᠤᠶᠢᠯᠠᠭᠠᠭᠰᠠᠨ ᠢᠶᠠᠷ᠂ ᠵᠢᠯ ᠤᠨ ᠡᠬᠢᠨ ᠠᠴᠠ ᠨᠠᠭᠠᠰᠢ ᠤᠳᠤᠬᠠᠨ ᠪᠣᠯᠲᠠᠯ᠎ᠠ ᠮᠠᠨ ᠤ ᠤᠷᠤᠨ ᠤ ᠴᠢᠨᠠᠷ ᠰᠠᠶᠢᠲᠠᠶ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠲᠦᠭᠡᠭᠳᠡᠬᠦᠨ ᠤ ᠡᠯ᠎ᠠ ᠭᠠᠵᠠᠷ ᠲᠠᠬᠢ ᠪᠣᠷᠣᠯᠠᠭᠤᠯᠭ᠎ᠠ ᠨᠢᠭᠡᠨᠲᠡ 232 ᠳ᠋ᠦᠩᠰᠢᠭᠤᠷ ᠲᠥᠭᠦᠷᠢᠭ ᠲᠤ ᠬᠦᠷᠴᠦ᠂ 30 ᠲᠦᠮᠡ ᠰᠢᠬᠠᠮ ᠮᠠᠯᠴᠢᠨ ᠲᠠᠷᠢᠶᠠᠴᠢᠨ ᠢ ᠳᠠᠶᠢᠴᠢᠯᠠᠨ ᠬᠥᠮᠦᠨ ᠳᠤᠮᠳᠠᠴᠢ ᠶᠢᠨ ᠣᠷᠣᠯᠭ᠎ᠠ ᠶᠢ 4100 ᠲᠥᠭᠦᠷᠢᠭ ᠨᠡᠮᠡᠭᠳᠡᠭᠦᠯᠪᠡ᠃   ᠲᠤᠰ ᠤᠳᠠᠭ᠎ᠠ ᠶᠢᠨ ᠵᠤᠯᠭᠠᠯᠴᠠᠭᠠᠨ ᠤ ᠬᠤᠷᠠᠯ ᠳᠤ ᠮᠠᠨ ᠤ ᠤᠷᠤᠨ ᠮᠢᠬᠠᠨ ᠤ ᠦᠬᠡᠷ᠂ ᠮᠢᠬᠠᠨ ᠤ ᠬᠤᠨᠢ᠂ ᠰᠦ ᠂ ᠲᠥᠮᠥᠰᠥ᠂ ᠡᠷᠳᠡᠨᠢ ᠰᠢᠰᠢ᠂ ᠰᠢᠷ᠎ᠠ ᠪᠤᠷᠴᠠᠭ ᠵᠡᠷᠭᠡ ᠭᠤᠤᠯᠳᠠᠯᠭ᠎ᠠ ᠲᠠᠢ ᠠᠵᠤ ᠦᠢᠯᠡᠰ ᠤᠨ ᠬᠡᠯᠬᠢᠶ᠎ᠡ ᠶᠢ ᠲᠠᠨᠢᠯᠴᠠᠭᠤᠯᠤᠭᠰᠠᠨ ᠮᠦᠷᠳᠡᠬᠡᠨ ᠴᠢᠨᠠᠷ ᠰᠠᠶᠢᠲᠠᠶ ᠪᠣᠬᠢᠷᠲᠤᠯ ᠥᠬᠡᠶ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠲᠦᠭᠡᠭᠳᠡᠬᠦᠨ ᠢ ᠡᠵᠡᠩᠨᠡᠨ ᠪᠤᠷᠤᠯᠠᠭᠤᠯᠬᠤ 43 ᠳᠡᠯᠭᠡᠭᠦᠷ ᠲᠤ ᠲᠥᠪᠯᠡᠷᠡᠭᠦᠯᠦᠨ ᠫᠠᠶᠢᠰᠠ ᠤᠯᠭᠤᠵᠤ᠂ ᠬᠥᠳᠡᠯᠮᠦᠷᠢ ᠦᠢᠯᠡᠴᠢᠯᠡᠭᠡᠨ ᠤ ᠬᠠᠮᠵᠢᠯᠴᠠᠭ᠎ᠠ ᠦᠷᠨᠢᠭᠦᠯᠬᠦ ᠪᠠᠷ ᠲᠤᠭᠲᠠᠪᠠ᠃ ᠵᠤᠯᠭᠠᠯᠴᠠᠭᠠᠨ ᠤ ᠬᠤᠷᠠᠯ ᠳᠤ ᠪᠠᠰᠠ ᠠᠵᠤ ᠦᠢᠯᠡᠰ ᠢᠢᠡᠷ ᠠᠷᠠᠯᠵᠢᠶᠠᠴᠢᠨ ᠤᠷᠢᠬᠤ᠂ ᠴᠢᠨᠠᠷ ᠰᠠᠶᠢᠲᠠᠶ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠲᠦᠭᠡᠭᠳᠡᠬᠦᠨ ᠢ ᠳᠡᠯᠭᠡᠨ ᠪᠣᠷᠣᠯᠠᠭᠤᠯᠬᠤ ᠵᠡᠷᠭᠡ ᠤᠯᠠᠨ ᠠᠵᠢᠯᠯᠠᠭ᠎ᠠ ᠥᠷᠨᠢᠭᠦᠯᠵᠦ᠂ ᠪᠡᠭᠡᠵᠢᠩ ᠥᠪᠥᠷ ᠮᠣᠩᠭᠤᠯ ᠬᠤᠶᠠᠷ ᠭᠠᠵᠠᠷ ᠤᠨ 20 ᠭᠠᠷᠤᠶ ᠠᠵᠤ ᠠᠬᠤᠶᠢᠯᠠᠯ ᠤᠷᠤᠯᠴᠠᠵᠤ᠂ ᠲᠤᠬᠠᠶ ᠢᠢᠨ ᠲᠠᠯᠠᠪᠠᠶ ᠢᠢᠨ ᠭᠡᠷ᠎ᠡ ᠲᠣᠭᠲᠠᠭᠰᠠᠨ ᠵᠤᠭᠤᠰ ᠤᠨ ᠲᠤᠭ᠎ᠠ 33 ᠳ᠋ᠦᠩᠰᠢᠭᠤᠷ ᠲᠥᠭᠦᠷᠢᠭ ᠬᠦᠷᠴᠦ᠂ ᠡᠨᠧᠷᠭᠢ ᠢᠢᠨ ᠰᠠᠭᠤᠷᠢᠨ ᠤ ᠪᠥᠲᠥᠭᠡᠨ ᠪᠠᠶᠢᠭᠤᠯᠤᠯᠲᠠ᠂ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠲᠦᠭᠡᠭᠳᠡᠬᠦᠨ ᠢ ᠦᠢᠯᠡᠳᠪᠦᠷᠢᠯᠡᠵᠦ ᠡᠳ᠋ᠰᠢᠭᠦᠯᠤᠨ ᠪᠤᠯᠪᠠᠰᠤᠷᠠᠭᠤᠯᠬᠤ᠂ ᠬᠡᠷᠡᠭᠯᠡᠭᠡᠨ ᠤ ᠭᠦᠢᠯᠭᠡᠭᠡ ᠵᠡᠷᠭᠡ ᠣᠯᠠᠨ ᠬᠦᠷᠢᠶ᠎ᠡ ᠶᠢ ᠬᠠᠮᠤᠷᠤᠭᠰᠠᠨ ᠪᠠᠶᠢᠨ᠎ᠠ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号