ᠮᠠᠨ ᠤ ᠤᠷᠤᠨ ᠬᠠᠭᠤᠴᠢᠨ ᠮᠠᠰᠢᠨ ᠲᠡᠷᠭᠡ ᠪᠠᠨ ᠰᠢᠨ᠎ᠠ ᠪᠠᠷ ᠰᠤᠯᠢᠬᠤ ᠲᠤᠬᠠᠢ ᠬᠡᠷᠡᠭᠵᠢᠭᠦᠯᠬᠦ ᠨᠠᠷᠢᠨ ᠲᠦᠰᠦᠯ ᠳᠠᠷᠤᠮᠠᠯᠯᠠᠨ ᠲᠠᠷᠬᠠᠭᠠᠪᠠ
ᠨᠡᠶᠢᠲᠡᠯᠡᠭᠰᠡᠨ ᠴᠠᠭ᠄
2024/10/14
   ᠦᠪᠡᠷᠳᠡᠭᠡᠨ ᠵᠠᠰᠠᠬᠤ ᠤᠷᠤᠨ ᠤ ᠬᠤᠳᠠᠯᠳᠤᠭᠠᠨ ᠤ ᠶᠠᠪᠤᠳᠠᠯ ᠤᠨ ᠲᠢᠩᠬᠢᠮ᠂ ᠬᠦᠭᠵᠢᠭᠦᠯᠦᠯᠳᠡ ᠪᠠ ᠦᠭᠡᠷᠡᠴᠢᠯᠡᠯᠳᠡ ᠶᠢᠨ ᠵᠦᠪᠯᠡᠯ᠂ ᠠᠵᠤ ᠦᠢᠯᠡᠳᠪᠤᠷᠢ ᠪᠠ ᠮᠡᠳᠡᠭᠡ ᠵᠠᠩᠬᠢᠵᠢᠯᠳᠠ ᠶᠢᠨ ᠲᠢᠩᠬᠢᠮ᠂ ᠳᠤᠳᠤᠭᠠᠳᠤ ᠢᠢ ᠬᠠᠮᠠᠭᠠᠯᠠᠬᠤ ᠲᠢᠩᠬᠢᠮ᠂ ᠡᠳ᠋ ᠤᠨ ᠵᠠᠰᠠᠭ ᠤᠨ ᠲᠢᠩᠬᠢᠮ ᠵᠢᠴᠢ ᠤᠯᠤᠰ ᠤᠨ ᠭᠠᠶᠢᠯᠢ ᠶᠢᠨ ᠶᠠᠪᠤᠳᠠᠯ ᠤᠨ ᠶᠡᠷᠦᠩᠬᠡᠢ ᠲᠤᠪᠴᠢᠶ᠎ᠠ ᠶᠢᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠭᠠᠶᠢᠯᠢ ᠶᠢᠨ ᠶᠠᠪᠤᠳᠠᠯ ᠤᠨ ᠲᠤᠪᠴᠢᠶ᠎ᠠ ᠵᠡᠷᠭᠡ 6 ᠰᠠᠯᠠᠭ᠎ᠠ ᠮᠦᠴᠢᠷ ᠬᠠᠮᠳᠤᠷᠠᠨ ᠤᠶᠢᠷ᠎ᠠ ᠳᠤ ︽ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠬᠠᠭᠤᠴᠢᠨ ᠮᠠᠰᠢᠨ ᠲᠡᠷᠭᠡ ᠪᠠᠨ ᠰᠢᠨ᠎ᠠ ᠪᠠᠷ ᠰᠤᠯᠢᠬᠤ ᠲᠤᠬᠠᠢ ᠬᠡᠷᠡᠭᠵᠢᠭᠦᠯᠬᠦ ᠨᠠᠷᠢᠨ ᠲᠦᠰᠦᠯ︾ ᠢ ᠳᠠᠷᠤᠮᠠᠯᠯᠠᠨ ᠲᠠᠷᠬᠠᠭᠠᠪᠠ᠃   ︽ᠨᠠᠷᠢᠨ ᠲᠦᠰᠦᠯ︾ ᠳᠤ ᠲᠤᠳᠤᠷᠬᠠᠶᠢᠯᠠᠭᠰᠠᠨ ᠢᠶᠠᠷ᠂ 2024 ᠤᠨ ᠤ 4 ᠰᠠᠷ᠎ᠠ ᠶᠢᠨ 24 ᠠᠴᠠ 2024 ᠤᠨ ᠤ 12 ᠰᠠᠷ᠎ᠠ ᠶᠢᠨ 31 ᠤ ᠡᠳᠦᠷ ᠪᠤᠯᠳᠠᠯ᠎ᠠ᠂ ᠬᠤᠪᠢ ᠬᠦᠮᠦᠨ ᠦᠪᠡᠷ ᠤᠨ ᠨᠡᠷ᠎ᠠ ᠳᠤᠤᠷᠠᠬᠢ ᠤᠯᠤᠰ ᠤᠨ ᠭᠤᠷᠪᠠᠳᠤᠭᠠᠷ ᠱᠠᠳᠤᠨ ᠤ ᠮᠠᠰᠢᠨ ᠲᠡᠷᠭᠡ ᠶᠢᠨ ᠪᠤᠬᠢᠷᠳᠦᠯ ᠭᠠᠳᠠᠭᠰᠢᠯᠠᠭᠤᠯᠬᠤ ᠪᠠᠷᠢᠮᠵᠢᠶ᠎ᠠ ᠠᠴᠠ ᠳᠤᠷᠤᠭᠰᠢᠬᠢ ᠰᠢᠳᠠᠮᠠᠬᠠᠢ ᠲᠤᠰᠤ ᠬᠡᠷᠡᠭᠯᠡᠬᠦ ᠰᠠᠭᠤᠳᠠᠯ ᠤᠨ ᠮᠠᠰᠢᠨ ᠲᠡᠷᠭᠡ ᠪᠤᠶᠤ 2018 ᠤᠨ ᠤ 4 ᠰᠠᠷ᠎ᠠ ᠶᠢᠨ 30 ᠤ ᠡᠳᠦᠷ ᠪᠤᠶᠤ ᠲᠡᠬᠦᠨ ᠠᠴᠠ ᠡᠮᠦᠨ᠎ᠠ ᠳᠠᠩᠰᠠᠯᠠᠭᠤᠯᠤᠭᠰᠠᠨ ᠰᠢᠨ᠎ᠠ ᠡᠨᠧᠷᠬᠢ ᠶᠢᠨ ᠰᠠᠭᠤᠳᠠᠯ ᠤᠨ ᠮᠠᠰᠢᠨ ᠲᠡᠷᠭᠡ ᠪᠠᠨ ᠬᠡᠷᠡᠭᠯᠡᠭᠡᠨ ᠠᠴᠠ ᠭᠠᠷᠭᠠᠬᠤ ᠶᠢᠨ ᠬᠠᠮᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠳᠤ ᠰᠢᠨ᠎ᠠ ᠮᠠᠰᠢᠨ ᠲᠡᠷᠭᠡ ᠬᠤᠳᠠᠯᠳᠤᠨ ᠠᠪᠴᠤ᠂ ᠲᠤᠬᠠᠢ ᠶᠢᠨ ᠭᠠᠵᠠᠷ ᠤᠨ ᠮᠠᠰᠢᠨ ᠲᠡᠷᠭᠡ ᠶᠢ ᠨᠢᠭᠡᠳᠦᠯᠳᠠᠢ ᠪᠤᠷᠤᠯᠠᠭᠤᠯᠤᠭᠰᠠᠨ ᠪᠠᠷᠢᠮᠳᠠ ᠭᠠᠷᠭᠠᠵᠤ ᠠᠪᠤᠭᠰᠠᠨ ᠪᠤᠯ ᠨᠢᠭᠡ ᠯᠡ ᠤᠳᠠᠭ᠎ᠠ ᠶᠢᠨ ᠴᠢᠨᠠᠷᠳᠠᠢ ᠨᠦᠬᠦᠪᠤᠷᠢ ᠡᠷᠡᠮᠡᠯᠵᠡᠵᠦ ᠪᠤᠯᠤᠨ᠎ᠠ᠃ ᠡᠭᠦᠨ ᠳᠤ ᠳᠡᠭᠡᠷ᠎ᠠ ᠳᠤᠷᠠᠳᠤᠭᠰᠠᠨ 2 ᠵᠦᠢᠯ ᠤᠨ ᠮᠠᠰᠢᠨ ᠲᠡᠷᠭᠡ ᠶᠢ ᠬᠡᠷᠡᠭᠯᠡᠭᠡᠨ ᠠᠴᠠ ᠭᠠᠷᠭᠠᠬᠤ ᠶᠢᠨ ᠬᠠᠮᠳᠤ ᠠᠵᠤ ᠦᠢᠯᠡᠳᠪᠤᠷᠢ ᠪᠠ ᠮᠡᠳᠡᠭᠡ ᠵᠠᠩᠬᠢᠵᠢᠯᠳᠠ ᠶᠢᠨ ᠶᠠᠮᠤᠨ ᠤ ︽ᠮᠠᠰᠢᠨ ᠲᠡᠷᠭᠡ ᠬᠤᠳᠠᠯᠳᠤᠨ ᠠᠪᠤᠭᠰᠠᠨ ᠭᠠᠶᠢᠯᠢ  ᠶᠢ ᠬᠠᠰᠤᠵᠤ ᠬᠡᠯᠳᠦᠷᠢᠭᠦᠯᠬᠦ ᠰᠢᠨ᠎ᠠ ᠡᠨᠧᠷᠬᠢ ᠶᠢᠨ ᠮᠠᠰᠢᠨ ᠲᠡᠷᠭᠡ ᠶᠢᠨ ᠲᠦᠷᠦᠯ ᠤᠨ ᠭᠠᠷᠴᠠᠭ︾ ᠲᠠᠬᠢ ᠰᠢᠨ᠎ᠠ ᠡᠨᠧᠷᠬᠢ ᠶᠢᠨ ᠰᠠᠭᠤᠳᠠᠯ ᠤᠨ ᠮᠠᠰᠢᠨ ᠲᠡᠷᠭᠡ ᠢᠢ ᠬᠤᠳᠠᠯᠳᠤᠨ ᠠᠪᠤᠪᠠᠯ ᠲᠡᠷᠭᠡ ᠪᠦᠷᠢ ᠳᠤ ᠬᠠᠮᠤᠭ ᠤᠨ ᠶᠡᠭᠡ ᠳᠡᠭᠡᠨ 2 ᠲᠦᠮᠡᠨ ᠲᠦᠭᠦᠷᠢᠭ ᠤᠨ ᠨᠦᠬᠦᠪᠤᠷᠢ ᠡᠷᠡᠮᠡᠯᠵᠡᠵᠦ ᠪᠤᠯᠤᠨ᠎ᠠ︔ ᠤᠯᠤᠰ ᠤᠨ ᠭᠤᠷᠪᠠᠳᠤᠭᠠᠷ ᠱᠠᠳᠤᠨ ᠤ ᠮᠠᠰᠢᠨ ᠲᠡᠷᠭᠡ ᠶᠢᠨ ᠪᠤᠬᠢᠷᠳᠦᠯ ᠭᠠᠳᠠᠭᠰᠢᠯᠠᠭᠤᠯᠬᠤ ᠪᠠᠷᠢᠮᠵᠢᠶ᠎ᠠ ᠠᠴᠠ ᠳᠤᠷᠤᠭᠰᠢᠬᠢ ᠰᠢᠳᠠᠮᠠᠬᠠᠢ ᠲᠤᠰᠤ ᠬᠡᠷᠡᠭᠯᠡᠬᠦ ᠰᠠᠭᠤᠳᠠᠯ ᠤᠨ ᠮᠠᠰᠢᠨ ᠲᠡᠷᠭᠡ ᠢᠢ ᠬᠡᠷᠡᠭᠯᠡᠭᠡᠨ ᠠᠴᠠ ᠭᠠᠷᠭᠠᠬᠤ ᠶᠢᠨ ᠬᠠᠮᠳᠤ 2 ᠯᠢᠲᠷ ᠤᠨ ᠭᠠᠳᠠᠭᠰᠢᠯᠠᠭᠤᠯᠬᠤ ᠪᠠᠷᠢᠮᠵᠢᠶ᠎ᠠ ᠠᠴᠠ ᠳᠤᠷᠤᠭᠰᠢᠬᠢ ︵2 ᠯᠢᠲᠷ ᠤᠨ ᠬᠢ ᠶᠢ ᠪᠠᠭᠳᠠᠭᠠᠨ᠎ᠠ︶ ᠰᠢᠳᠠᠮᠠᠬᠠᠢ ᠲᠤᠰᠤ ᠬᠡᠷᠡᠭᠯᠡᠬᠦ ᠰᠠᠭᠤᠳᠠᠯ ᠤᠨ ᠮᠠᠰᠢᠨ ᠲᠡᠷᠭᠡ ᠢᠢ ᠬᠤᠳᠠᠯᠳᠤᠨ ᠠᠪᠤᠪᠠᠯ ᠲᠡᠷᠭᠡ ᠪᠦᠷᠢ ᠳᠤ 1.5 ᠲᠦᠮᠡᠨ ᠲᠦᠭᠦᠷᠢᠭ ᠤᠨ ᠨᠦᠬᠦᠪᠤᠷᠢ ᠡᠷᠡᠮᠡᠯᠵᠡᠵᠦ ᠪᠤᠯᠤᠨ᠎ᠠ᠃ 2024 ᠤᠨ ᠤ 4 ᠰᠠᠷ᠎ᠠ ᠶᠢᠨ 24 ᠤ ᠡᠳᠦᠷ ᠠᠴᠠ ᠲᠤᠰᠢᠶᠠᠭᠰᠠᠨ ᠨᠦᠬᠦᠴᠡᠯ ᠳᠤ ᠨᠡᠶᠢᠴᠡᠬᠦ ᠨᠦᠬᠦᠪᠤᠷᠢ ᠤᠯᠬᠤ ᠡᠷᠡᠮᠡᠯᠵᠡᠯ ︵ᠨᠦᠬᠦᠪᠤᠷᠢ  ᠶᠢ ᠨᠢ ᠨᠢᠭᠡᠨᠳᠡ ᠤᠯᠭᠤᠭᠰᠠᠨ ᠢ ᠪᠠᠭᠳᠠᠭᠠᠨ᠎ᠠ︶ ᠳᠤ ᠴᠦᠮ ᠲᠤᠰ ᠨᠠᠷᠢᠨ ᠲᠦᠰᠦᠯ ᠤᠨ ᠶᠤᠰᠤᠭᠠᠷ ᠨᠦᠬᠦᠪᠤᠷᠢ ᠤᠯᠭᠤᠨ᠎ᠠ᠃ ᠨᠦᠬᠦᠪᠤᠷᠢ ᠢᠢ ᠨᠢ ᠨᠢᠭᠡᠨᠳᠡ ᠤᠯᠭᠤᠭᠰᠠᠨ ᠪᠤᠯ ᠵᠦᠷᠢᠭᠰᠡᠨ ᠬᠡᠰᠡᠭ ᠢ ᠨᠢ ᠨᠦᠬᠦᠵᠦ ᠤᠯᠭᠤᠨ᠎ᠠ᠃ ᠨᠦᠬᠦᠪᠤᠷᠢ ᠡᠷᠡᠮᠡᠯᠵᠡᠬᠦ ᠳᠤ ᠬᠡᠷᠡᠭᠯᠡᠭᠡᠨ ᠠᠴᠠ ᠭᠠᠷᠭᠠᠭᠰᠠᠨ ᠬᠠᠭᠤᠴᠢᠨ ᠮᠠᠰᠢᠨ ᠲᠡᠷᠭᠡ ᠶᠢᠨ ᠡᠵᠡᠨ ᠪᠠ ᠰᠢᠨ᠎ᠠ ᠪᠠᠷ ᠬᠤᠳᠠᠯᠳᠤᠨ ᠠᠪᠤᠭᠰᠠᠨ ᠮᠠᠰᠢᠨ ᠲᠡᠷᠭᠡ ᠶᠢᠨ ᠡᠵᠡᠨ ᠨᠢ ᠨᠢᠭᠡ ᠯᠡ ᠬᠦᠮᠦᠨ ᠪᠠᠶᠢᠬᠤ ᠬᠡᠷᠡᠭᠳᠠᠢ︔ ᠬᠡᠷᠡᠭᠯᠡᠭᠡᠨ ᠠᠴᠠ ᠭᠠᠷᠭᠠᠭᠰᠠᠨ ᠬᠠᠭᠤᠴᠢᠨ ᠮᠠᠰᠢᠨ ᠲᠡᠷᠭᠡ ᠨᠢ 2024 ᠤᠨ ᠤ 7 ᠰᠠᠷ᠎ᠠ ᠶᠢᠨ 25 ᠠᠴᠠ ᠡᠮᠦᠨ᠎ᠠ ᠲᠤᠰ ᠬᠦᠮᠦᠨ ᠤ ᠨᠡᠷ᠎ᠠ ᠳᠤᠤᠷ᠎ᠠ ᠪᠠᠶᠢᠭᠰᠠᠨ ᠪᠠᠶᠢᠬᠤ ᠬᠡᠷᠡᠭᠳᠠᠢ    ︽ᠨᠠᠷᠢᠨ ᠲᠦᠰᠦᠯ︾ ᠳᠤ ᠪᠠᠰᠠ ᠮᠠᠰᠢᠨ ᠲᠡᠷᠭᠡ ᠪᠠᠨ ᠰᠤᠯᠢᠵᠤ ᠰᠢᠨᠡᠴᠢᠯᠡᠬᠦ ᠨᠦᠬᠦᠪᠤᠷᠢ ᠶᠢᠨ ᠲᠤᠬᠠᠢ ᠲᠦᠷᠦ  ᠶᠢᠨ ᠪᠤᠳᠤᠯᠭ᠎ᠠ ᠳᠤᠭᠳᠠᠭᠠᠪᠠ᠃ ᠲᠤᠬᠠᠶᠢᠯᠠᠪᠠᠯ᠂ ᠬᠤᠪᠢ ᠬᠦᠮᠦᠨ ᠲᠤᠰ ︽ᠨᠠᠷᠢᠨ ᠲᠦᠰᠦᠯ︾ ᠢ ᠨᠡᠶᠢᠳᠡᠯᠡᠭᠰᠡᠨ ᠴᠠᠭ ᠠᠴᠠ ᠡᠬᠢᠯᠡᠨ 2024 ᠤᠨ ᠤ 12 ᠰᠠᠷ᠎ᠠ ᠶᠢᠨ 31 ᠤ ᠡᠳᠤᠷ ᠪᠤᠯᠳᠠᠯ᠎ᠠ ᠬᠤᠪᠢ ᠬᠦᠮᠦᠨ ᠤ ᠨᠡᠷ᠎ᠠ ᠳᠤᠤᠷᠠᠬᠢ ᠰᠢᠳᠠᠮᠠᠬᠠᠢ ᠲᠤᠰᠤ ᠬᠡᠷᠡᠭᠯᠡᠬᠦ ᠮᠠᠰᠢᠨ ᠲᠡᠷᠭᠡ ᠪᠤᠶᠤ ᠰᠢᠨ᠎ᠠ ᠡᠨᠧᠷᠬᠢ ᠶᠢᠨ ᠰᠠᠭᠤᠳᠠᠯ ᠤᠨ ᠮᠠᠰᠢᠨ ᠲᠡᠷᠭᠡ ᠪᠠᠨ ᠪᠤᠰᠤᠳ ᠲᠤ ᠰᠢᠯᠵᠢᠭᠦᠯᠦᠨ ᠦᠭᠬᠦ ᠶᠢᠨ ᠬᠠᠮᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠳᠤ ᠰᠢᠨ᠎ᠠ ᠰᠠᠭᠤᠳᠠᠯ ᠤᠨ ᠮᠠᠰᠢᠨ ᠲᠡᠷᠭᠡ ᠬᠤᠳᠠᠯᠳᠤᠨ ᠠᠪᠴᠤ᠂ ᠲᠤᠬᠠᠢ ᠶᠢᠨ ᠭᠠᠵᠠᠷ ᠤᠨ ᠮᠠᠰᠢᠨ ᠲᠡᠷᠭᠡ ᠢᠢ ᠨᠢᠭᠡᠳᠦᠯᠳᠠᠢ ᠪᠤᠷᠤᠯᠠᠭᠤᠯᠤᠭᠰᠠᠨ ᠪᠠᠷᠢᠮᠳᠠ ᠭᠠᠷᠭᠠᠵᠤ ᠠᠪᠤᠭᠰᠠᠨ ᠪᠦᠭᠡᠳ ᠲᠡᠷᠭᠡ ᠪᠠᠨ ᠳᠠᠩᠰᠠᠯᠠᠭᠤᠯᠤᠭᠰᠠᠨ ᠪᠤᠯ ᠨᠢᠭᠡ ᠯᠡ ᠤᠳᠠᠭ᠎ᠠ ᠶᠢᠨ ᠴᠢᠨᠠᠷᠳᠠᠢ ᠨᠦᠬᠦᠪᠤᠷᠢ ᠡᠷᠡᠮᠡᠯᠵᠡᠵᠦ ᠪᠤᠯᠤᠨ᠎ᠠ᠃ ᠰᠢᠨ᠎ᠠ ᠠᠪᠤᠭᠰᠠᠨ ᠲᠡᠷᠭᠡ ᠨᠢ ᠰᠢᠨ᠎ᠠ ᠡᠨᠧᠷᠬᠢ ᠶᠢᠨ ᠰᠠᠭᠤᠳᠠᠯ ᠤᠨ ᠮᠠᠰᠢᠨ ᠲᠡᠷᠭᠡ ᠪᠤᠯ ᠲᠡᠷᠭᠡ ᠬᠤᠳᠠᠯᠳᠤᠨ ᠠᠪᠤᠭᠰᠠᠨ ᠪᠠᠷᠢᠮᠳᠠ ᠶᠤᠰᠤᠭᠠᠷ 5 ᠲᠦᠮᠡᠨ ᠲᠦᠭᠦᠷᠢᠭ ᠠᠴᠠ 10 ᠲᠦᠮᠡᠨ ᠲᠦᠭᠦᠷᠢᠭ ᠤᠨ ᠬᠤᠭᠤᠷᠤᠨᠳᠤᠬᠢ ᠲᠡᠷᠭᠡ ᠳᠤ 1.4 ᠲᠦᠮᠡᠨ ᠲᠦᠭᠦᠷᠢᠭ ᠤᠨ ᠨᠦᠬᠦᠪᠤᠷᠢ ᠤᠯᠭᠤᠵᠤ᠂ 10 ᠲᠦᠮᠡᠨ ᠲᠦᠭᠦᠷᠢᠭ ᠠᠴᠠ 20 ᠲᠦᠮᠡᠨ ᠲᠦᠭᠦᠷᠢᠭ ᠤᠨ ᠬᠤᠭᠤᠷᠤᠨᠳᠤᠬᠢ ᠲᠡᠷᠭᠡ ᠳᠤ 1.6 ᠲᠦᠮᠡᠨ ᠲᠦᠭᠦᠷᠢᠭ ᠤᠨ ᠨᠦᠬᠦᠪᠤᠷᠢ ᠤᠯᠭᠤᠨ᠂ 20 ᠲᠦᠮᠡᠨ ᠲᠦᠭᠦᠷᠢᠭ ᠠᠴᠠ ᠳᠡᠭᠡᠭᠰᠢᠬᠢ ᠲᠡᠷᠭᠡ ᠳᠤ 1.8 ᠲᠦᠮᠡᠨ ᠲᠦᠭᠦᠷᠢᠭ ᠤᠨ ᠨᠦᠬᠦᠪᠤᠷᠢ ᠤᠯᠭᠤᠨ᠎ᠠ︔ ᠰᠢᠨ᠎ᠠ ᠠᠪᠤᠭᠰᠠᠨ ᠲᠡᠷᠭᠡ ᠨᠢ ᠰᠢᠳᠠᠮᠠᠬᠠᠢ ᠲᠤᠰᠤ ᠬᠡᠷᠡᠭᠯᠡᠬᠦ ᠰᠠᠭᠤᠳᠠᠯ ᠤᠨ ᠮᠠᠰᠢᠨ ᠲᠡᠷᠭᠡ ᠪᠤᠯ ᠲᠡᠷᠭᠡ ᠬᠤᠳᠠᠯᠳᠤᠨ ᠠᠪᠤᠭᠰᠠᠨ ᠪᠠᠷᠢᠮᠳᠠ ᠶᠤᠰᠤᠭᠠᠷ 5 ᠲᠦᠮᠡᠨ ᠲᠦᠭᠦᠷᠢᠭ ᠠᠴᠠ 10 ᠲᠦᠮᠡᠨ ᠲᠦᠭᠦᠷᠢᠭ ᠤᠨ ᠬᠤᠭᠤᠷᠤᠨᠳᠤᠬᠢ ᠲᠡᠷᠭᠡ ᠳᠤ 1.1 ᠲᠦᠮᠡᠨ ᠲᠦᠭᠦᠷᠢᠭ ᠤᠨ ᠨᠦᠬᠦᠪᠤᠷᠢ ᠤᠯᠭᠤᠵᠤ᠂ 10 ᠲᠦᠮᠡᠨ ᠲᠦᠭᠦᠷᠢᠭ ᠠᠴᠠ 20 ᠲᠦᠮᠡᠨ ᠲᠦᠭᠦᠷᠢᠭ ᠤᠨ ᠬᠤᠭᠤᠷᠤᠨᠳᠤᠬᠢ ᠲᠡᠷᠭᠡ ᠳᠤ 1.3 ᠲᠦᠮᠡᠨ ᠲᠦᠭᠦᠷᠢᠭ ᠤᠨ ᠨᠦᠬᠦᠪᠤᠷᠢ ᠤᠯᠭᠤᠨ᠂ 20 ᠲᠦᠮᠡᠨ ᠲᠦᠭᠦᠷᠢᠭ ᠠᠴᠠ ᠳᠡᠭᠡᠭᠰᠢᠬᠢ ᠲᠡᠷᠭᠡ ᠳᠤ 1.5 ᠲᠦᠮᠡᠨ ᠲᠦᠭᠦᠷᠢᠭ ᠤᠨ ᠨᠦᠬᠦᠪᠤᠷᠢ ᠤᠯᠭᠤᠨ᠎ᠠ᠃ ᠬᠠᠭᠤᠴᠢᠨ ᠮᠠᠰᠢᠨ ᠲᠡᠷᠭᠡ ᠪᠠᠨ ᠬᠡᠷᠡᠭᠯᠡᠭᠡᠨ ᠠᠴᠠ ᠭᠠᠷᠭᠠᠵᠤ ᠰᠢᠨ᠎ᠠ ᠲᠡᠷᠭᠡ ᠠᠪᠤᠭᠰᠠᠨ ᠨᠦᠬᠦᠪᠤᠷᠢ ᠤᠯᠤᠭᠰᠠᠨ ᠪᠤᠯ ᠮᠠᠰᠢᠨ ᠲᠡᠷᠭᠡ ᠪᠠᠨ ᠰᠤᠯᠢᠵᠤ ᠰᠢᠨᠡᠴᠢᠯᠡᠬᠦ ᠨᠦᠬᠦᠪᠤᠷᠢ ᠶᠢ ᠳᠠᠪᠬᠤᠷᠳᠠᠭᠤᠯᠤᠨ ᠤᠯᠭᠤᠬᠤ ᠦᠭᠡᠢ ᠬᠡᠵᠤ ᠲᠤᠭᠳᠠᠭᠠᠪᠠ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号