10 ᠰᠠᠷ᠎ᠠ ᠶᠢᠨ 12 ᠤᠨ ᠡᠳᠦᠷ᠂ ᠥᠪᠥᠷ ᠮᠣᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ | ᠬᠦᠷᠢᠶᠡᠯᠡᠩ ᠤᠨ ᠳᠠᠭᠤ ᠰᠢᠩᠭᠡᠭᠡᠯᠲᠡ ᠶᠢᠨ ᠳᠠᠩᠰᠠ ᠡᠪᠬᠡᠮᠡᠯ ᠢ ᠰᠡᠯᠪᠢᠨ ᠰᠡᠷᠬᠦᠭᠡᠵᠦ ᠲᠤᠭᠠᠴᠢᠯᠠᠭᠤᠯᠤᠨ | ᠬᠠᠳᠠᠭᠠᠯᠠᠬᠤ ᠬᠤᠷᠠᠯ ᠥᠪᠡᠷᠲᠡᠭᠡᠨ ᠵᠠᠰᠠᠬᠤ ᠣᠷᠣᠨ ᠤ ᠳᠠᠩᠰᠠ ᠡᠪᠬᠡᠮᠡᠯ ᠤᠨ ᠰᠠᠩ ᠳᠤ ᠶᠠᠪᠤᠭᠳᠠᠪᠠ᠃ | 2019 — 2020 ᠣᠨ ᠪᠣᠯᠲᠠᠯ᠎ᠠ᠂ ᠥᠪᠥᠷ ᠮᠣᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ | ᠬᠦᠷᠢᠶᠡᠯᠡᠩ ᠤᠨ ᠭᠤᠷᠪᠠᠨ ᠦᠶ᠎ᠠ ᠶᠢᠨ ᠰᠤᠳᠤᠯᠭᠠᠳᠠᠳ ᠤᠨ ᠣᠯᠠᠨ ᠵᠢᠯ ᠴᠤᠭᠯᠠᠭᠤᠯᠤᠨ ᠬᠠᠳᠠᠭᠠᠯᠠᠭᠰᠠᠨ 131 | ᠲᠠᠪᠠᠭ ᠠᠷᠠᠳ ᠤᠨ ᠰᠤᠶᠤᠯ ᠤᠷᠠᠯᠢᠭ ᠤᠨ ᠮᠠᠲ᠋ᠧᠷᠢᠶᠠᠯ ︵ᠡᠭᠦᠨ ᠳᠤ 125 ᠬᠤᠪᠢ ᠤᠷᠢᠶᠠᠮᠠᠬ ᠲᠠᠪᠠᠭ ᠪᠠ 6 | ᠺᠠᠰᠧᠲ︶ ᠢ ᠥᠪᠡᠷᠲᠡᠭᠡᠨ ᠵᠠᠰᠠᠬᠤ ᠣᠷᠣᠨ ᠤ ᠲᠠᠩᠰᠠ ᠡᠪᠬᠡᠮᠡᠯ ᠤᠨ ᠰᠠᠩ ᠠᠴᠠ ᠠᠪᠤᠷᠠᠯᠳᠠ ᠶᠢᠨ ᠴᠢᠨᠠᠷᠲᠠᠶ | ᠰᠡᠯᠪᠢᠨ ᠵᠠᠰᠠᠵᠦ᠂ ᠲᠤᠭᠠᠴᠢᠯᠠᠭᠤᠯᠤᠨ ᠬᠠᠳᠠᠭᠠᠯᠠᠬᠰᠠᠨ ᠪᠠᠶᠢᠨ᠎ᠠ᠃ | ᠲᠤᠰ ᠤᠳᠠᠭ᠎ᠠ ᠶᠢᠨ ᠰᠡᠯᠪᠢᠨ ᠵᠠᠰᠠᠵᠦ᠂ ᠲᠤᠭᠠᠴᠢᠯᠠᠭᠤᠯᠤᠨ ᠬᠠᠳᠠᠭᠠᠯᠠᠬᠰᠠᠨ ᠮᠠᠲ᠋ᠧᠷᠢᠶᠡᠯ ᠤᠳ ᠲᠤ᠂ | ᠤᠷᠲᠤ ᠶᠢᠨ ᠳᠠᠭᠤᠤ᠂ ᠪᠤᠭᠤᠨᠢ ᠳᠠᠭᠤᠤ᠂ ᠦᠯᠢᠬᠡᠷᠳᠦ ᠠᠷᠠᠳ ᠤᠨ ᠳᠠᠭᠤᠤ ᠵᠡᠷᠭᠡ ᠠᠷᠠᠳ ᠤᠨ ᠲᠠᠭᠤᠤ ᠶᠢᠨ | ᠮᠠᠲ᠋ᠧᠷᠢᠶᠠᠯ ᠪᠠᠷᠤᠭ 5 ᠴᠠᠭ︔ ᠪᠠᠷᠭᠤ ᠲᠤᠤᠯᠢ᠂ ᠭᠡᠰᠡᠷ᠂ ᠵᠠᠩᠭᠠᠷ᠂ ᠬᠤᠭᠤᠷ ᠤᠨ ᠥᠯᠢᠭᠡᠷ᠂ ᠬᠤᠪᠢᠰᠬᠠᠯ ᠤᠨ | ᠰᠡᠳᠦᠪᠳᠦ ᠬᠤᠭᠤᠷ ᠤᠨ ᠥᠯᠢᠭᠡᠷ᠂ ᠬᠦᠤᠷᠨᠢᠯ ᠰᠢᠯᠦᠭ ᠵᠡᠷᠬᠡ ᠪᠠᠭᠠᠳᠤᠷᠯᠢᠭ ᠲᠤᠤᠯᠢ ᠶᠢᠨ ᠰᠡᠳᠦᠪᠳᠦ ᠮᠠᠲ᠋ᠧᠷᠢᠶᠠᠯ | ᠪᠠᠷᠤᠬ 105 ᠴᠠᠭ︔ ᠠᠮᠢᠳᠤᠷᠠᠯ ᠤᠨ ᠥᠯᠢᠭᠡᠷ᠂ ᠪᠠᠭᠠᠲᠤᠷ ᠤᠨ ᠥᠯᠢᠭᠡᠷ᠂ ᠬᠤᠱᠤᠩ ᠱᠤᠭ ᠵᠡᠷᠬᠡ ᠥᠯᠢᠭᠡᠷ ᠤᠨ | ᠲᠥᠷᠥᠯ ᠤᠨ ᠮᠠᠲ᠋ᠧᠷᠢᠶᠠᠯ ᠪᠠᠷᠤᠭ 3 ᠴᠠᠭ︔ ᠢᠷᠦᠬᠡᠯ ᠮᠠᠭᠲᠠᠭᠠᠯ ᠤᠨ ᠰᠢᠨᠵᠢᠳᠠᠢ ᠬᠤᠯᠪᠣᠭ᠎ᠠ᠂ ᠲᠠᠭᠠᠷᠢᠯᠴᠠᠭ᠎ᠠ᠂ | ᠲᠡᠤᠬᠡᠨ ᠰᠡᠳᠦᠪᠳᠦ ᠬᠤᠯᠪᠤᠭ᠎ᠠ ᠵᠡᠷᠬᠡ 6 ᠴᠠᠭ ᠰᠢᠬᠠᠮ᠂ ᠨᠡᠶᠢᠳᠡ 119 ᠴᠠᠭ ᠤᠨ ᠳᠠᠭᠤ ᠰᠢᠩᠬᠡᠬᠡᠯᠳᠡ ᠶᠢ | ᠪᠠᠭᠳᠠᠭᠠᠬᠰᠠᠨ ᠪᠠᠶᠢᠨ᠎ᠠ᠃ | ᠡᠳᠡᠭᠡᠷ ᠠᠷᠠᠳ ᠤᠨ ᠰᠤᠶᠤᠯ ᠤᠷᠠᠯᠢᠭ ᠤᠨ ᠳᠠᠭᠤ ᠰᠢᠩᠭᠡᠭᠡᠯᠲᠡ ᠶᠢᠨ ᠮᠠᠲ᠋ᠧᠷᠢᠶᠠᠯ ᠪᠤᠯ ᠦᠪᠦᠷ ᠮᠤᠩᠭᠤᠯ ᠤᠨ | ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠠᠬᠠᠮᠠᠳ ᠡᠷᠳᠡᠮᠳᠡᠨ ᠲᠤᠷᠤᠩᠭᠠ᠂ ᠪᠦᠬᠡᠴᠢᠯᠠᠭᠤ ᠵᠡᠷᠭᠡ | ᠬᠡᠳᠦᠨ ᠦᠶ᠎ᠡ ᠶᠢᠨ ᠬᠥᠮᠦᠰ ᠤᠨ 60 ᠭᠠᠷᠤᠢ ᠵᠢᠯ ᠤᠨ ᠬᠤᠭᠤᠴᠠᠭᠠᠨ ᠳᠤ ᠴᠤᠭᠯᠠᠭᠤᠯᠵᠤ ᠬᠠᠳᠠᠭᠠᠯᠠᠭᠰᠠᠨ ᠡᠷᠬᠢᠮ | ᠨᠡᠨᠳᠢᠨ ᠲᠠᠭᠤ ᠰᠢᠩᠬᠡᠬᠡᠯᠳᠡ ᠪᠤᠯᠤᠨ᠎ᠠ᠃ | — ᠲᠤᠰ ᠤᠳᠠᠭ᠎ᠠ ᠶᠢᠨ ᠠᠪᠤᠷᠠᠨ ᠰᠡᠷᠬᠦᠬᠡᠭᠰᠡᠨ ᠲᠠᠭᠤᠤ ᠰᠢᠩᠬᠡᠬᠡᠯᠳᠡ ᠶᠢᠨ ᠮᠠᠲ᠋ᠧᠷᠢᠶᠠᠯ ᠨᠢ ᠲᠡᠬᠡᠷ᠎ᠠ | ᠵᠠᠭᠤᠨ ᠤ ᠲᠠᠪᠢᠭᠠᠳ ᠤᠨ ᠤ ᠰᠡᠬᠦᠯᠴᠢ ᠠᠴᠠ ᠵᠢᠷᠠᠭᠠᠳ ᠤᠨ ᠤ ᠡᠬᠢᠨ ᠤ ᠦᠶ᠎ᠠ ᠶᠢᠨ ᠰᠢᠩᠬᠡᠬᠡᠯᠳᠡ ᠪᠠᠷ | ᠭᠤᠤᠯᠯᠠᠵᠦ᠂ ᠴᠦᠬᠡᠪᠳᠦᠷ ᠲᠤᠭᠠᠨ ᠤ ᠶᠡᠷᠡᠭᠡᠳ ᠤᠨ ᠤ ᠰᠢᠩᠬᠡᠬᠡᠯᠳᠡ ᠪᠠᠷ ᠪᠦᠷᠢᠯᠳᠦᠵᠡᠢ᠃ ᠠᠭᠤᠯᠭ᠎ᠠ ᠶᠢᠨ | ᠬᠤᠪᠢ ᠳᠤ᠂ ᠪᠠᠭᠠᠳᠤᠷᠯᠢᠭ ᠲᠤᠤᠯᠢ᠂ ᠶᠠᠪᠠᠭᠠᠨ ᠦᠯᠢᠬᠡᠷ᠂ ᠪᠠᠭᠠᠳᠤᠷᠯᠢᠭ ᠦᠯᠢᠬᠡᠷ᠂ ᠠᠷᠠᠳ ᠤᠨ ᠲᠠᠭᠤᠤ᠂ | ᠬᠤᠯᠪᠤᠭ᠎ᠠ ᠪᠠ ᠦᠯᠢᠬᠡᠷᠳᠦ ᠲᠠᠭᠤᠤ ᠵᠡᠷᠬᠡ ᠮᠠᠰᠢ ᠤᠯᠠᠨ ᠬᠤᠪᠤᠷ ᠴᠤᠬᠠᠭ ᠮᠠᠲ᠋ᠧᠷᠢᠶᠠᠯ ᠤᠳ ᠪᠤᠢ᠃ ᠤᠨᠴᠠᠯᠠᠨ | ᠲᠤᠷᠠᠳᠬᠤ ᠠᠴᠠ᠂ ᠠᠯᠳᠠᠷᠳᠦ ᠬᠤᠭᠤᠷᠴᠢ ᠫᠠᠵᠠᠢ ᠶᠢᠨ ᠲᠤᠤᠯᠢ ᠶᠢᠨ ᠬᠡᠯᠪᠡᠷᠢ ᠪᠠᠷ ᠬᠠᠶᠢᠯᠠᠬᠰᠠᠨ ︽ᠬᠡᠰᠡᠷ ᠤᠨ | ᠲᠤᠭᠤᠵᠢ︾ 80 ᠰᠢᠬᠠᠮ ᠴᠠᠬ ᠢ ᠡᠵᠡᠯᠡᠵᠦ ᠪᠤᠢ᠃ ᠬᠦᠮᠦᠰ ᠫᠠᠵᠠᠢ ᠶᠢ ᠵᠠᠩᠭᠠᠷ ᠬᠠᠶᠢᠯᠠᠬᠰᠠᠨ ᠬᠡᠵᠤ ᠶᠡᠷᠢᠳᠠᠬ | ᠪᠤᠯᠪᠠᠴᠦ ᠰᠤᠨᠤᠰᠤᠭᠰᠠᠨ ᠬᠦᠮᠦᠨ ᠮᠠᠰᠢ ᠴᠦᠬᠡᠨ᠃ ᠲᠤᠰ ᠤᠳᠠᠭ᠎ᠠ ᠶᠢᠨ ᠰᠢᠩᠬᠡᠬᠡᠯᠳᠡ ᠳᠤ ᠪᠠᠰᠠ ᠲᠡᠬᠦᠨ ᠤ | ᠬᠠᠶᠢᠯᠠᠬᠰᠠᠨ ᠵᠠᠩᠭᠠᠷ ᠪᠤᠢ᠃ ᠵᠢᠴᠢ ᠫᠠᠵᠠᠢ ᠶᠢᠨ ᠦᠪᠡᠷ ᠢᠶᠠᠨ ᠵᠤᠬᠢᠶᠠᠵᠦ ᠬᠡᠯᠡᠭᠰᠡᠨ ︽ᠬᠦᠷᠡᠯᠪᠠᠭᠠᠳᠤᠷ︾ ᠬᠡᠬᠦ | ᠬᠤᠪᠢᠰᠬᠠᠯ ᠤᠨ ᠰᠡᠳᠦᠪᠳᠦ ᠨᠠᠶᠢᠷᠠᠭᠯᠠᠯ ᠪᠤᠢ᠃ ᠮᠡᠳᠡᠬᠡᠵᠢ᠂ ᠮᠤᠩᠭᠤᠯ ᠤᠷᠤᠨ ᠳᠤ ᠤᠯᠠᠮᠵᠢᠯᠠᠬᠳᠠᠬᠰᠠᠨ | ᠬᠤᠭᠤᠷ ᠤᠨ ᠦᠯᠢᠬᠡᠷ ᠤᠨ ᠤᠯᠠᠩᠬᠢ ᠨᠢ ᠬᠢᠳᠡᠳ ᠤᠷᠤᠨ ᠤ ᠪᠧᠨᠰᠡᠨ ᠦᠯᠢᠬᠡᠷ ᠢᠶᠠᠷ ᠭᠤᠤᠯᠯᠠᠳᠠᠭ᠂ ᠬᠡᠪᠡᠴᠦ | ᠮᠤᠩᠭᠤᠯᠴᠤᠳ ᠪᠠᠰᠠ ᠦᠪᠡᠷ ᠤᠨ ᠠᠮᠢᠳᠤᠷᠠᠯ ᠢᠶᠠᠷ ᠰᠡᠳᠦᠪᠯᠡᠭᠰᠡᠨ ᠤᠯᠠᠨ ᠰᠤᠩᠭᠤᠳᠠᠭ ᠦᠯᠢᠬᠡᠷ ᠢ ᠵᠤᠬᠢᠶᠠᠵᠦ | ᠬᠡᠯᠡᠵᠦ ᠪᠠᠶᠢᠬᠰᠠᠨ ᠤ ᠨᠢᠬᠡᠨ ᠰᠢᠯᠢᠳᠡᠭ ᠵᠢᠱᠢᠶ᠎ᠠ ᠪᠤᠯᠬᠤ ᠦᠰᠭᠦᠪᠤᠶᠠᠨ ᠤ ︽ᠪᠤᠶᠠᠨᠳᠤᠬᠤᠢ ᠶᠢᠨ ᠲᠡᠮᠡᠴᠡᠯ︾ ᠬᠡᠬᠦ | ᠦᠯᠢᠬᠡᠷ ᠪᠠᠰᠠ ᠪᠦᠷᠢᠨ ᠪᠦᠳᠦᠨ ᠢᠶᠠᠷ ᠦᠯᠡᠳᠡᠭᠰᠡᠨ ᠪᠠᠶᠢᠨ᠎ᠠ᠃ ᠡᠬᠦᠨ ᠠᠴᠠ ᠭᠠᠳᠠᠨ᠎ᠠ᠂ ᠮᠤᠩᠭᠤᠯ ᠬᠡᠯᠡ | ᠰᠤᠶᠤᠯ ᠤᠨ ᠪᠠᠶᠠᠯᠢᠭ ᠢ ᠭᠠᠶᠢᠬᠠᠭᠤᠯᠤᠬᠰᠠᠨ ᠬᠤᠷᠢᠮ ᠤᠨ ᠬᠤᠯᠪᠣᠭ᠎ᠠ᠂ ︽ᠬᠢᠯᠪᠡᠷ ᠵᠤᠤ ᠶᠢᠨ ᠮᠠᠭᠲᠠᠭᠠᠯ︾ ᠵᠡᠷᠭᠡ | ᠥᠩᠭᠡᠷᠡᠭᠰᠡᠨ ᠳᠤ ᠨᠡᠶᠢᠳᠡᠯᠡᠭᠳᠡᠭᠡ ᠦᠬᠡᠢ ᠪᠤᠶᠤ ᠪᠦᠷᠢᠨ ᠪᠦᠳᠦᠨ ᠢᠶᠠᠷ ᠨᠡᠶᠢᠳᠡᠯᠡᠭᠳᠡᠭᠡ ᠦᠭᠡᠢ ᠮᠠᠰᠢ ᠤᠯᠠᠨ ᠬᠤᠪᠤᠷ | ᠴᠤᠬᠠᠬ ᠮᠠᠲ᠋ᠧᠷᠢᠶᠠᠯ ᠤᠳ ᠪᠤᠢ ᠬᠡᠵᠦ ᠲᠤᠰ ᠠᠵᠢᠯ ᠢ ᠰᠡᠳᠦᠵᠦ ᠬᠢᠭᠰᠡᠨ ᠦᠪᠦᠷ ᠮᠤᠩᠭᠤᠯ ᠤᠨ ᠨᠡᠶᠢᠬᠡᠮ ᠤᠨ | ᠰᠢᠨᠵᠢᠯᠡᠬᠦ ᠤᠬᠠᠭᠠᠨ ᠤ ᠬᠦᠷᠢᠶᠡᠯᠡᠩ ᠤᠨ ᠰᠤᠳᠤᠯᠤᠭᠠᠴᠢ ᠪᠦᠬᠡᠴᠢᠯᠠᠭᠤ ᠶᠠᠷᠢᠨ᠎ᠠ᠃ | ᠬᠡᠪᠡᠴᠦ᠂ ᠬᠡᠳᠦᠨ ᠦᠶ᠎ᠠ ᠶᠢᠨ ᠠᠬᠠᠮᠠᠳ ᠡᠷᠳᠡᠮᠳᠡᠳ ᠤᠨ ᠵᠤᠪᠠᠨ ᠵᠦᠳᠡᠨ ᠰᠢᠩᠬᠡᠬᠡᠨ ᠴᠤᠭᠯᠠᠭᠤᠯᠤᠬᠰᠠᠨ | ᠡᠳᠡᠬᠡᠷ ᠬᠠᠭᠤᠴᠢᠨ ᠬᠡᠯᠪᠡᠷᠢ ᠶᠢᠨ ᠰᠤᠷᠢᠨᠵᠢᠨ ᠪᠦᠰᠡ ᠶᠢᠨ ᠬᠠᠳᠠᠭᠠᠯᠠᠬᠰᠠᠨ ᠴᠠᠭ ᠨᠢ ᠤᠷᠲᠤ᠂ ᠬᠠᠳᠠᠭᠠᠯᠠᠬᠰᠠᠨ | ᠨᠥᠬᠦᠴᠡᠯ ᠨᠢ ᠠᠨᠠᠢ᠂ ᠤᠨᠴᠠᠭᠠᠶᠢᠯᠠᠨ ᠤᠳᠦ ᠴᠠᠬ ᠤᠨ ᠮᠠᠰᠢᠨ ᠲᠡᠬᠡᠷ᠎ᠠ ᠰᠤᠨᠤᠰᠴᠦ ᠠᠰᠢᠬᠯᠠᠬᠤ ᠶᠢᠨ ᠠᠷᠭ᠎ᠠ | ᠦᠬᠡᠢ ᠪᠤᠯᠤᠬᠰᠠᠨ ᠠᠴᠠ ᠠᠪᠤᠷᠠᠨ ᠬᠠᠮᠠᠭᠠᠯᠠᠬᠤ ᠠᠵᠢᠯ ᠮᠠᠰᠢ ᠲᠤᠯᠭᠠᠮ ᠪᠠᠶᠢᠵᠠᠢ᠃ ᠵᠤᠯ ᠢᠶᠠᠷ᠂ ᠡᠨᠡ ᠬᠦ ᠠᠵᠢᠯ | ᠥᠪᠡᠷᠲᠡᠭᠡᠨ ᠵᠠᠰᠠᠬᠤ ᠣᠷᠣᠨ ᠤ ᠲᠠᠩᠰᠠ ᠡᠪᠬᠡᠮᠡᠯ ᠤᠨ ᠰᠠᠩ ᠤᠨ ᠲᠠᠮᠵᠢᠯᠬᠡ ᠶᠢ ᠬᠦᠷᠳᠡᠵᠦ᠂ ᠬᠤᠪᠣᠷ ᠨᠠᠨᠳᠢᠨ | ᠠᠷᠠᠳ ᠤᠨ ᠰᠤᠶᠤᠯ ᠤᠷᠠᠯᠢᠭ ᠤᠨ ᠳᠠᠭᠤ ᠰᠢᠩᠬᠡᠬᠡᠯᠳᠡ ᠶᠢᠨ ᠮᠠᠲ᠋ᠧᠷᠢᠶᠠᠯ ᠦᠷᠬᠡᠨ ᠤᠯᠠᠨ ᠤ ᠰᠤᠨᠤᠷ ᠲᠤ ᠬᠦᠷᠬᠦ | ᠪᠤᠯᠤᠮᠵᠢ ᠲᠠᠢ ᠪᠤᠯᠤᠬᠰᠠᠨ ᠪᠠᠶᠢᠯ᠎ᠠ᠃ |