ᠭᠦᠷᠢᠶ᠎ᠡ ᠬᠤᠰᠢᠭᠤᠨ ᠤ ᠲᠦᠪ ᠭᠦᠷᠢᠶ᠎ᠡ ᠪᠠᠯᠭᠠᠰᠦ ᠠᠴᠠ ᠡᠮᠦᠨᠡᠰᠢ 10 ᠺᠢᠯᠤᠮᠧᠳ᠋ᠷ ᠲᠤ ᠪᠠᠶᠢᠭ᠎ᠠ ᠰᠢᠶᠠᠨᠵᠢᠨ | ᠰᠤᠮᠤ ᠶᠢᠨ ᠲᠠᠪᠤᠨ ᠪᠠᠶᠢᠰᠢᠩ ᠭᠠᠴᠠᠭ᠎ᠠ ᠶᠢᠨ ᠲᠤᠮᠳᠠ ᠨᠢᠬᠡ ᠰᠠᠭᠤᠷᠢ ᠰᠠᠯᠠᠭ᠎ᠠ ᠨᠠᠮᠠᠭ᠎ᠠ ᠨᠢ ᠢᠭ᠌ᠴᠦ ᠰᠠᠬᠤᠯᠢᠭ | ᠮᠢᠩᠭᠠᠨ ᠤᠨ ᠤ ᠰᠡᠯᠬᠢ ᠪᠤᠷᠤᠭᠠᠨ ᠢ ᠡᠯᠡᠬᠡᠭᠰᠡᠨ᠂ ᠪᠦᠳᠦᠭᠦᠨ ︵ᠭᠦᠷᠢᠶᠡᠨ ᠤᠷᠳᠦ︶ ᠨᠢ 6.8 ᠮᠧᠳ᠋ᠷ᠂ | ᠦᠨᠳᠦᠷ ᠨᠢ 20 ᠮᠧᠳ᠋ᠷ᠂ 300 ᠲᠡᠭᠰᠢ ᠲᠦᠷᠪᠡᠯᠵᠢᠨ ᠮᠧᠳ᠋ᠷ ᠭᠠᠵᠠᠷ ᠡᠵᠡᠯᠡᠵᠦ ᠪᠠᠶᠢᠭ᠎ᠠ ᠪᠤᠭᠤᠷᠤᠯ ᠬᠠᠶᠢᠯᠠᠰᠦ | ᠪᠠᠶᠢᠳᠠᠭ᠃ ᠮᠢᠩᠭᠠᠨ ᠤᠨ ᠤ ᠰᠠᠯᠬᠢ ᠪᠤᠷᠤᠭᠠᠨ ᠢ ᠦᠩᠬᠡᠷᠡᠬᠡᠵᠦ ᠢᠷᠡᠭᠰᠡᠨ ᠡᠨᠡ ᠭᠦ ᠪᠤᠭᠤᠷᠤᠯ ᠬᠠᠶᠢᠯᠠᠰᠦ | ᠦᠨᠦᠳᠦᠷ ᠪᠤᠯᠬᠤ ᠳᠤ ᠡᠬᠡᠨᠡᠭᠳᠡ ᠢᠳᠡᠷᠡᠭᠦᠨ ᠢᠶᠠᠷ ᠰᠡᠭᠦ᠋ᠢᠵᠦ ᠠᠪᠤᠷᠭᠤ ᠲᠦᠷᠢ ᠪᠠᠨ ᠭᠠᠶᠢᠬᠠᠭᠤᠯᠤᠨ᠂ ᠲᠠᠮᠤᠷ | ᠮᠠᠳᠦ ᠬᠠᠳᠠᠨ ᠵᠤᠷᠢᠭ ᠲᠠᠢ ᠰᠦᠨᠳᠡᠷᠯᠡᠨ᠎ᠡ᠃ | ᠭᠠᠴᠠᠭ᠎ᠠ ᠶᠢᠨ ᠠᠬᠠᠮᠠᠳ ᠲᠤᠮᠤᠭᠠᠳᠠᠳ ᠤᠨ ᠲᠤᠮᠤᠭᠴᠢᠯᠠᠬᠤ ᠪᠠᠷ ᠡᠨᠡ ᠬᠠᠶᠢᠯᠠᠰᠦᠨ ᠮᠤᠳᠤᠨ ᠲᠡᠬᠡᠷ᠎ᠡ | ᠤᠷᠢᠳᠦ ᠨᠢᠬᠡ ᠠᠶᠠᠭᠠᠨ ᠴᠢᠨᠡᠬᠡᠨ ᠪᠦᠳᠦᠭᠦᠨ ᠴᠠᠭᠠᠨ ᠡᠷᠢᠶᠠᠨ ᠮᠤᠭᠠᠢ ᠤᠷᠤᠰᠢᠨ ᠠᠮᠢᠳᠤᠷᠠᠵᠦ᠂ ᠡᠨᠡ ᠨᠤᠳᠤᠭ | ᠤᠰᠦ ᠶᠢ ᠲᠠᠮᠵᠢᠨ ᠲᠡᠳᠭᠦᠵᠦ᠂ ᠦᠢ ᠲᠦᠮᠡᠨ ᠢ ᠨᠢ ᠭᠠᠢ ᠵᠤᠪᠠᠯᠠᠩ ᠠᠴᠠ ᠵᠠᠶᠢᠯᠠᠭᠤᠯᠵᠦ᠂ ᠠᠮᠤᠷ ᠵᠢᠮᠤᠷ ᠠᠵᠦ | ᠲᠦᠷᠦᠭᠦᠯᠵᠦ ᠪᠠᠶᠢᠭᠰᠠᠨ ᠬᠡᠨ᠎ᠡ᠃ ᠲᠡᠬᠡᠭᠦ ᠪᠠᠷ ᠠᠳᠡᠬᠢ ᠭᠦᠮᠦᠰ ᠲᠤᠰ ᠬᠠᠶᠢᠯᠠᠰᠦ ᠶᠢ ︽ᠡᠪᠤᠬᠡᠨ ᠬᠠᠶᠢᠯᠠᠰᠦ︾ | ᠬᠡᠵᠦ ᠭᠦᠨᠳᠦᠳᠬᠡᠨ ᠲᠠᠭᠤᠳᠠᠵᠦ᠂ ᠡᠭᠦᠨ ᠠᠴᠠ ᠵᠡᠭᠦᠨ ᠡᠮᠦᠨᠡᠬᠢ ᠭᠤᠤ ᠠᠯᠤᠰᠯᠠᠭᠰᠠᠨ ᠡᠮᠦᠨ᠎ᠡ ᠡᠷᠬᠢ ᠳᠠᠬᠢ | ᠠᠳᠠᠯᠢ ᠨᠠᠰᠤᠨ ᠤ ᠬᠠᠶᠢᠯᠠᠰᠦ ᠶᠢ ᠨᠢ ︽ᠡᠮᠡᠬᠡᠨ ᠬᠠᠶᠢᠯᠠᠰᠦ︾ ᠬᠡᠳᠡᠭ ᠬᠡᠨ᠎ᠡ᠃ ᠬᠤᠶᠠᠷ ᠬᠠᠶᠢᠯᠠᠰᠦ ᠪᠠᠷ᠎ᠠ | ᠪᠠᠷ᠎ᠠ ᠪᠠᠨ ᠬᠠᠷᠠᠵᠦ᠂ ᠡᠮᠡᠬᠡᠨ ᠬᠠᠶᠢᠯᠠᠰᠦ ᠡᠳᠦᠷ ᠪᠦᠷᠢ ᠨᠢᠳᠦᠨ ᠨᠢᠯᠪᠤᠰᠦ ᠤᠷᠤᠰᠬᠠᠳᠠᠭ ᠠᠴᠠ ᠨᠢᠯᠪᠤᠰᠦ ᠨᠢ ︽ | ᠵᠢᠵᠢᠭ ᠪᠤᠯᠠᠭ︾ ᠪᠤᠯᠵᠦ ᠬᠡᠳᠦᠢ ᠦᠨᠳᠦᠷᠯᠢᠭ ᠭᠠᠵᠠᠷ ᠤᠷᠭᠤᠵᠦ᠂ ᠬᠡᠳᠦᠢ ᠶᠡᠭᠡ ᠭᠠᠩ ᠪᠤᠯᠤᠭᠰᠠᠨ ᠴᠦ | ᠬᠡᠵᠢᠶᠡᠳᠠ ᠬᠤᠶᠠᠷ ᠬᠠᠶᠢᠯᠠᠰᠤᠨ ᠤ ᠤᠭ ᠢᠶᠠᠷ ᠤᠰᠦ ᠲᠤᠨᠳᠠᠭ ᠪᠤᠯᠤᠭᠰᠠᠨ ᠬᠡᠨ᠎ᠡ᠃ ᠬᠤᠶᠠᠷ ᠬᠠᠶᠢᠯᠠᠰᠤᠨ ᠤ ᠵᠡᠭᠦᠨ | ᠬᠤᠶᠢᠳᠦ ᠵᠦᠭ ᠲᠤ ᠪᠠᠶᠢᠭ᠎ᠠ 200 ᠵᠢᠯ ᠪᠤᠯᠵᠦ ᠪᠠᠶᠢᠭ᠎ᠠ ᠬᠤᠶᠠᠷ ᠬᠠᠶᠢᠯᠠᠰᠦ ᠶᠢ ᠨᠤᠳᠤᠭ ᠤᠨ ᠭᠦᠮᠦᠰ ︽ | ᠦᠬᠢᠨ ᠬᠠᠶᠢᠯᠠᠰᠦ︾᠂ ︽ᠭᠦᠪᠡᠭᠦᠨ ᠬᠠᠶᠢᠯᠠᠰᠦ︾ ᠬᠡᠵᠦ ᠡᠳᠡᠬᠡᠷ ᠬᠠᠶᠢᠯᠠᠰᠦ ᠪᠠᠨ ︽ᠰᠢᠳᠦᠬᠡᠨ ᠮᠤᠳᠦ︾ | ᠪᠤᠯᠭᠠᠵᠦ ᠬᠠᠶᠢᠷᠠᠯᠠᠨ ᠬᠠᠮᠠᠭᠠᠯᠠᠵᠦ ᠪᠠᠶᠢᠭ᠎ᠠ ᠶᠤᠮ᠃ |