︽ᠠᠷᠪᠠᠨ ᠰᠤᠮᠤ︾᠎ ᠶᠢᠨ ᠬᠤᠷᠢᠮ ᠤᠨ ᠶᠣᠰᠤᠨ
ᠨᠡᠶᠢᠲᠡᠯᠡᠭᠰᠡᠨ ᠴᠠᠭ᠄
2024/1/26
    ︽ᠠᠷᠪᠠᠨ ᠰᠣᠮᠤ︾ ᠭᠡᠳᠡᠭ ᠪᠤᠯ ᠤᠳᠤ ᠶᠢᠨ ᠤᠯᠠᠭᠠᠨᠬᠠᠳᠠ ᠬᠤᠳᠠ ᠶᠢᠨ ᠠᠷᠤ ᠬᠤᠷᠴᠢᠨ ᠬᠤᠰᠢᠭᠤᠨ ᠤ ᠬᠤᠶᠢᠲᠤ ᠪᠡᠶ᠎ᠡ ᠶᠢᠨ ᠬᠤᠭᠤᠯᠠᠲᠤ᠂ ᠬᠠᠬᠢᠷ ᠪᠣᠯᠤᠨ ᠰᠦᠵᠢ ᠶᠢᠨ ᠭᠤᠣᠯ ᠳᠠᠭᠠᠤ ᠶᠢᠨ ᠮᠠᠯᠵᠢᠬᠤ ᠣᠷᠤᠨ ᠢ ᠵᠢᠭᠠᠵᠤ ᠪᠣᠢ᠃ ᠬᠤᠶᠠᠷ ᠵᠠᠭᠤ ᠢᠯᠡᠭᠦᠦ ᠵᠢᠯ ᠤᠨ ᠡᠮᠦᠨ᠎ᠡ᠂ ᠠᠷᠤ ᠬᠤᠷᠴᠢᠨ ᠠᠶᠢᠮᠠᠭ ᠤᠨ ᠨᠢᠭᠡᠨ ᠲᠠᠶᠢᠵᠢ ᠬᠦᠯᠦᠨ ᠪᠤᠶᠢᠷ ᠠᠴᠠ ᠨᠡᠭᠦᠳᠡᠯᠯᠡᠨ ᠢᠷᠡᠵᠦ᠂ ᠠᠷᠣ ᠬᠤᠷᠴᠢᠨ ᠬᠤᠰᠢᠭᠤ ᠵᠠᠰᠠᠭ ᠠᠴᠠ ᠨᠣᠲᠤᠭ ᠭᠤᠶᠤᠭᠰᠠᠨ ᠳᠤ ᠶᠡᠭᠡ ᠬᠢᠩᠭᠠᠨ ᠳᠠᠪᠠᠭᠠᠨ ᠤ ᠠᠷᠤ ᠦᠪᠦᠷ ᠤᠨ ᠡᠳᠡᠭᠡᠷ ᠭᠠᠵᠠᠷ ᠢ ᠵᠢᠭᠠᠵᠤ ᠦᠭᠭᠦᠭᠰᠡᠨ ᠪᠠᠶᠢᠵᠠᠢ᠃ ᠵᠠᠰᠠᠭ ᠵᠠᠬᠢᠷᠭᠠᠨ ᠤ ᠬᠤᠪᠢᠶᠠᠷᠢᠯᠠᠯ ᠳᠤ᠂ ᠲᠡᠳᠡᠭᠡᠷ ᠬᠦᠮᠦᠰ ᠢ ᠠᠷᠪᠠᠨ ᠰᠣᠮᠤ ᠬᠤᠪᠢᠶᠠᠵᠤ ᠰᠠᠭᠤᠯᠭᠠᠵᠠᠢ᠃ ᠠᠷᠪᠠᠨ ᠰᠤᠮᠤ ᠶᠢᠨ ᠨᠣᠶᠠᠨ ᠬᠤᠵᠢᠮ ᠨᠢ ᠲᠤᠰᠠᠯᠠᠭᠴᠢ ᠶᠢᠨ ᠵᠡᠷᠭᠡ ᠳᠤ ᠬᠦᠷᠴᠦ᠂ ᠬᠦᠮᠦᠰ ᠶᠡᠷᠦᠳᠡᠭᠡᠨ ︽ᠠᠷᠤ ᠲᠤᠰᠠᠯᠠᠭᠴᠢ︾ ᠭᠡᠵᠤ ᠳᠠᠭᠤᠳᠠᠳᠠᠭ ᠶᠤᠮ᠃ ᠳᠡᠳᠡᠨ ᠤ ᠪᠠᠶᠢᠭᠤᠯᠤᠭᠰᠠᠨ ᠰᠦᠮ᠎ᠡ ᠶᠢ ︽ᠭᠠᠨᠵᠤᠤᠷ︾ ᠰᠦᠮ᠎ᠡ ᠭᠡᠵᠤ᠂ ᠪᠠᠰᠠ ︽ᠲᠤᠰᠠᠯᠠᠭᠴᠢ ᠶᠢᠨ ᠰᠦᠮ᠎ᠡ︾ ᠭᠡᠳᠡᠭ᠃      1947 ᠣᠨ ᠤ ᠮᠠᠯᠵᠢᠬᠤ ᠣᠷᠤᠨ ᠤ ᠠᠷᠠᠳᠴᠢᠯᠠᠭᠰᠠᠨ ᠦᠭᠡᠷᠡᠴᠢᠯᠡᠯᠲᠡ ᠶᠢᠨ ᠦᠶ᠎ᠡ ᠳᠤ᠂ ᠭᠠᠨᠵᠤᠤᠷ ᠰᠦᠮ᠎ᠡ ᠶᠢᠨ ᠯᠠᠮᠠ ᠬᠤᠸᠠᠷᠠᠭ ᠢ ᠨᠢ ᠲᠠᠷᠬᠠᠭᠠᠵᠠᠢ᠃ ᠰᠦᠮ᠎ᠡ ᠰᠠᠩ ᠤᠨ ᠭᠡᠷ ᠪᠠᠶᠢᠰᠢᠩ ᠢ ᠨᠢ ᠠᠯᠪᠠᠨ ᠳᠤ ᠬᠡᠷᠡᠭᠯᠡᠵᠦ ᠪᠠᠶᠢᠭᠰᠠᠨ ᠢᠶᠠᠨ᠂ ᠬᠤᠵᠢᠮ ᠨᠢ ᠮᠣᠳᠤ ᠴᠢᠯᠠᠭᠤ ᠶᠢ ᠨᠢ ᠪᠣᠰᠤᠳ ᠪᠠᠷᠢᠯᠭ᠎ᠠ ᠳᠤ ᠵᠠᠷᠤᠵᠦ ᠬᠡᠷ ᠪᠠᠶᠢᠰᠢᠩ ᠢ ᠨᠤᠷᠠᠭᠠᠵᠤ ᠬᠠᠶᠠᠵᠠᠢ᠃ 1949 ᠣᠨ ᠳᠤ᠂ ᠠᠷᠣ ᠬᠤᠷᠴᠢᠨ ᠬᠤᠰᠢᠭᠤᠨ ᠤ ᠠᠷᠪᠠᠨ ᠰᠤᠮᠤ ᠳᠤ ᠪᠠᠭᠲᠠᠵᠤ ᠪᠠᠶᠢᠭᠰᠠᠨ ᠤᠯᠠᠭᠠᠨᠳᠠᠪᠠᠭ᠎ᠠ ᠨᠤᠲᠤᠭ ᠢ ᠪᠠᠭᠠᠷᠢᠨ ᠵᠡᠭᠦᠨ ᠬᠤᠰᠢᠭᠤᠨ ᠳᠤ ᠵᠢᠷᠤᠵᠤ ᠦᠭᠭᠦᠭᠰᠡᠨ ᠶᠤᠮ᠃ ᠡᠶᠢᠮᠦ ᠠᠴᠠ᠂ ᠠᠷᠤ ᠬᠤᠷᠴᠢᠨ ᠤ ᠣᠳᠤᠬᠠᠨ ᠤ ᠠᠷᠪᠠᠨ ᠰᠣᠮᠤ ᠨᠤᠲᠤᠭ ᠨᠢ ᠤᠤᠯ ᠤᠨ ᠪᠠᠶ᠋ᠬᠠᠦ᠋ᠨᠳᠦᠷ᠂ ᠪᠠᠶᠠᠨᠪᠤᠯᠠᠭ ᠬᠤᠶᠠᠷ ᠰᠤᠮᠤ ᠶᠢᠨ ᠭᠡᠰᠡᠭ ᠭᠠᠵᠠᠷ ᠢ ᠬᠡᠯᠡᠵᠦ ᠪᠣᠢ᠃ ᠠᠷᠪᠠᠨ ᠰᠣᠮᠤ ᠶᠢᠨ ᠮᠠᠯᠴᠢᠳ ᠤᠯᠠᠮᠵᠢᠯᠠᠯᠲᠤ ᠮᠠᠯᠵᠢᠬᠤ ᠦᠢᠯᠡᠳᠪᠦᠷᠢᠯᠡᠯ ᠢᠶᠠᠨ ᠡᠷᠬᠢᠯᠡᠨ ᠠᠮᠢᠳᠤᠷᠠᠵᠤ᠂ ᠮᠣᠩᠭᠤᠯ ᠭᠡᠷ᠂ ᠮᠣᠳᠤᠨ ᠲᠡᠷᠭᠡ ᠪᠣᠯᠤᠨ ᠮᠣᠷᠢ ᠤᠨᠤᠭ᠎ᠠ ᠪᠠᠨ ᠳᠡᠭᠡᠷ᠎ᠡ ᠵᠠᠭᠤᠨ ᠤ ᠶᠡᠷᠡᠭᠡᠳ ᠣᠨ ᠪᠣᠯᠲᠠᠯ᠎ᠠ ᠦᠷᠭᠡᠨ ᠬᠡᠪᠴᠢᠶ᠎ᠡ ᠪᠠᠷ ᠬᠡᠷᠡᠭᠯᠡᠵᠦ ᠪᠠᠶᠢᠭᠰᠠᠨ ᠶᠤᠮ᠃ ᠡᠶᠢᠮᠦ ᠠᠴᠠ᠂ ᠤᠷᠤᠭ ᠬᠤᠷᠢᠮ ᠤᠨ ᠶᠣᠰᠤᠨ ᠳᠤᠨᠢ ᠴᠦ ᠤᠯᠠᠮᠵᠢᠯᠠᠯᠳᠦ ᠮᠣᠩᠭᠤᠯ ᠠᠮᠢᠳᠤᠷᠠᠯ ᠤᠨ ᠤᠯᠠ ᠮᠦᠷ ᠮᠡᠳᠡᠭᠳᠡᠮ᠎ᠡ ᠬᠠᠳᠠᠭᠠᠯᠠᠭᠳᠠᠵᠤ ᠢᠷᠡᠭᠰᠡᠨ ᠪᠢᠯᠡ᠃     ︽ᠠᠷᠪᠠᠨ ᠰᠤᠮᠤ︾᠎ ᠶᠢᠨ ᠬᠤᠷᠢᠮ ᠤᠨ ᠶᠣᠰᠤᠨ ᠳᠤ᠂ ᠬᠦᠷᠭᠡᠨ᠂ ᠬᠡᠤᠬᠡᠨ ᠤ ᠲᠠᠯ᠎ᠠ ᠶᠢᠨ ᠬᠤᠷᠢᠮ ᠢᠶᠠᠨ ᠴᠦᠮ ᠮᠣᠩᠭᠤᠯ ᠭᠡᠷ ᠲᠤ ᠬᠢᠵᠦ᠂ ᠭᠡᠶᠢᠴᠢᠨ ᠵᠣᠴᠢᠨ ᠢᠶᠠᠨ ᠰᠦ ᠲᠠᠢ ᠴᠠᠢ᠂ ᠴᠠᠭᠠᠨ ᠢᠳᠡᠭᠡ᠂ ᠰᠠᠭᠠᠯᠢ ᠶᠢᠨ ᠠᠷᠢᠬᠢ ᠪᠣᠯᠤᠨ ᠤᠯᠠᠭᠠᠨ ᠢᠳᠡᠭᠡ ᠵᠡᠷᠭᠡ ᠪᠠᠷ ᠳᠠᠶᠢᠯᠠᠵᠤ᠂ ᠵᠠᠷᠢᠮ ᠳᠠᠭᠠᠨ ᠬᠠᠯᠠᠭᠤᠨ ᠲᠣᠭᠤᠭ᠎ᠠ ᠭᠠᠷᠭᠠᠳᠠᠭ᠃ ᠬᠤᠶᠠᠷ ᠲᠠᠯ᠎ᠠ ᠶᠢᠨ ︽ᠰᠦᠨᠢ ᠶᠢᠨ ᠰᠠᠭᠤᠳᠠᠯ︾᠎ ᠤᠨ ᠬᠤᠷᠢᠮ ᠳᠤ᠂ ᠬᠦᠮᠦᠰ ᠰᠦᠨᠢᠵᠢᠨ ᠠᠷᠢᠬᠢᠳᠠᠨ ᠨᠠᠶᠢᠷᠯᠠᠯᠳᠤᠬᠤ ᠲᠤᠯᠠ ᠬᠤᠷᠢᠮ ᠤᠨ ᠳᠠᠭᠤᠴᠢᠳ ᠠᠴᠠ ︽ᠲᠦᠷᠦ ᠶᠢᠨ ᠳᠦᠷᠪᠡᠨ ᠳᠠᠭᠤᠤ︾ ᠎ ᠶᠢ ᠳᠠᠭᠤᠯᠠᠵᠤ ᠵᠤᠭ᠎ᠠ ᠪᠣᠯᠭᠠᠳᠠᠭ ᠶᠤᠮ᠃ ᠡᠳᠡᠭᠡᠷ ᠳᠠᠭᠤᠤ ᠨᠢ ᠡᠵᠡᠨ ᠪᠣᠭᠳᠠ ᠴᠢᠩᠬᠢᠰ ᠬᠠᠭᠠᠨ ᠠᠴᠠ ᠡᠬᠢᠯᠡᠵᠦ᠂ ᠵᠠᠰᠠᠭ ᠲᠦᠷᠦ᠂ ᠱᠠᠰᠢᠨ ᠲᠦᠷᠦ ᠪᠣᠯᠤᠨ ᠬᠤᠷᠢᠮ ᠲᠦᠷᠦ ᠶᠢᠨ ᠠᠭᠤᠯᠭ᠎ᠠ ᠲᠠᠢ ᠪᠠᠶᠢᠵᠤ᠂ ᠬᠤᠷᠢᠮ ᠶᠣᠰᠤᠯᠠᠯ ᠤᠨ ᠬᠠᠤᠯᠢ ᠶᠢᠨ ᠪᠠᠲᠤᠯᠠᠭ᠎ᠠ ᠶᠢᠨ ᠰᠢᠨᠵᠢ ᠴᠢᠨᠠᠷ ᠲᠠᠢ ᠪᠢᠯᠡ᠃ ᠳᠠᠭᠤᠴᠢᠳ ᠲᠦᠷᠦ ᠶᠢᠨ ᠳᠦᠷᠪᠡᠨ ᠳᠠᠭᠤᠤ ᠶᠢ ᠳᠠᠭᠤᠯᠠᠵᠤ ᠪᠠᠷᠠᠪᠠᠯ᠂ ᠬᠤᠷᠢᠮ ᠤᠨ ᠲᠦᠷᠦᠭᠦᠦ ᠠᠴᠠ ᠱᠠᠩᠨᠠᠯ ᠣᠯᠭᠤᠵᠤ᠂ ᠲᠡᠳᠡ ᠵᠠᠯᠭᠠᠵᠤ ︽ᠱᠠᠩ ᠤᠨ ᠨᠠᠢᠮᠠᠨ ᠳᠠᠭᠤᠤ︾᠎ ᠶᠢ ᠡᠷᠭᠦᠨ᠎ᠡ᠃ ᠡᠳᠡᠭᠡᠷ ᠨᠢ ᠪᠦᠷ ᠤᠷᠤᠭ ᠬᠤᠷᠢᠮ ᠳᠤ ᠬᠤᠯᠪᠤᠭ᠎ᠠ ᠲᠠᠢ ᠲᠠᠭᠤᠤ ᠪᠠᠶᠢᠵᠦ᠂ ᠰᠡᠳᠤᠨ ᠲᠦᠷᠦᠯ ᠤᠨ ᠡᠪ ᠨᠠᠶᠢᠷᠲᠠᠢ ᠪᠣᠯᠤᠨ ᠬᠤᠵᠢᠮ ᠤᠨ ᠰᠠᠶᠢᠨ ᠰᠠᠶᠢᠬᠠᠨ ᠢ ᠵᠦᠩᠨᠡᠨ ᠪᠡᠯᠭᠡᠳᠡᠭᠰᠡᠨ ᠠᠭᠤᠯᠭ᠎ᠠ ᠲᠠᠢ ᠶᠤᠮ᠃ ᠬᠤᠷᠢᠮ ᠤᠨ ᠡᠳᠦᠷ᠂ ᠰᠢᠨ᠎ᠡ ᠬᠦᠷᠭᠡᠨ᠂ ᠬᠦᠷᠭᠡᠨ ᠳᠠᠭᠠᠭᠴᠢ᠂ ᠬᠤᠷᠢᠮ ᠤᠨ ᠲᠦᠷᠦᠭᠦᠦ᠂ ᠢᠷᠦᠭᠡᠯᠴᠢ᠂ ᠳᠠᠭᠤᠴᠢ ᠵᠡᠷᠭᠡ ᠲᠠᠪᠤ ᠪᠤᠶᠤ ᠳᠣᠯᠤᠭ᠎ᠠ ᠵᠡᠷᠬᠡ ᠰᠤᠨᠳᠠᠭᠠᠢ ᠲᠤᠭ᠎ᠠ ᠪᠦᠬᠦᠢ ᠬᠦᠮᠦᠰ ︽ᠰᠠᠭᠠᠳᠠᠭ︾᠎ ᠲᠤ ᠮᠤᠷᠳᠠᠳᠠᠭ᠃ ᠲᠡᠳᠡ ᠪᠦᠷ ᠮᠣᠷᠢ ᠣᠨᠤᠵᠤ᠂ ᠰᠢᠨ᠎ᠡ ᠬᠦᠷᠭᠡᠨ ᠪᠡᠶ᠎ᠡ ᠳᠡᠭᠡᠨ ᠬᠤᠷᠤᠮᠰᠠᠭ᠎ᠠ ᠰᠠᠭᠠᠳᠠᠭ ᠠᠭᠰᠠᠵᠤ ᠶᠠᠪᠤᠳᠠᠭ ᠪᠤᠯᠬᠤᠷ ︽ᠰᠠᠭᠠᠳᠠᠭ ᠲᠤ ᠶᠠᠪᠤᠬᠤ︾ ᠭᠡᠳᠡᠭ ᠶᠤᠮ᠃ ᠮᠠᠶᠢᠬᠠᠨ ᠬᠦᠰᠭᠡ ᠪᠣᠯᠤᠨ ᠮᠢᠬ᠎ᠠ ᠠᠷᠢᠬᠢ ᠲᠡᠭᠡᠭᠡᠭᠰᠡᠨ ᠦᠬᠡᠷ ᠲᠡᠷᠭᠡ ᠴᠦ ᠰᠠᠭᠠᠳᠠᠭ ᠤᠨ ᠬᠦᠮᠦᠰ ᠲᠠᠢ ᠴᠤᠭ ᠶᠠᠪᠤᠳᠠᠭ᠃ ᠬᠡᠤᠬᠡᠨ ᠤ ᠲᠠᠯ᠎ᠠ ᠳᠤ ᠬᠦᠷᠦᠭᠰᠡᠨ ᠤ ᠬᠤᠶᠢᠨ᠎ᠠ᠂ ᠬᠦᠰᠭᠡ ᠮᠠᠶᠢᠬᠠᠨ ᠢᠶᠠᠨ ᠬᠡᠤᠬᠡᠨ ᠤ ᠭᠤᠣᠯ ᠮᠣᠩᠭᠤᠯ ᠭᠡᠷ ᠤᠨ ᠪᠠᠷᠠᠭᠤᠨ ᠡᠮᠦᠨ᠎ᠡ ᠪᠣᠰᠬᠠᠵᠤ᠂ ᠳᠣᠲᠤᠷ᠎ᠠ ᠨᠢ ᠬᠡᠤᠬᠡᠨ ᠤ ᠲᠠᠯ᠎ᠠ ᠳᠤ ᠬᠡᠷᠡᠭᠯᠡᠬᠦ ᠮᠢᠬ᠎ᠠ᠂ ᠠᠷᠢᠬᠢ᠂ ᠪᠡᠯᠡᠭ ᠰᠡᠯᠲᠡ ᠪᠠᠨ ᠲᠠᠯᠪᠢᠨ᠎ᠠ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号