ᠤᠷᠴᠢᠮ ᠨᠤᠮ ᠤᠩᠰᠢᠬᠤ ᠲᠤᠬᠠᠢ ᠤᠯᠠᠨ ᠰᠠᠶᠢᠬᠠᠨ ᠶᠠᠷᠢᠯᠴᠠᠭ᠎ᠠ ᠦᠷᠨᠢᠵᠦ ᠪᠤᠢ᠃ ᠬᠡᠳᠦᠨ ᠵᠤᠬᠢᠶᠠᠯ | ᠤᠩᠰᠢᠵᠦ ᠦᠵᠡᠭᠡᠳ ᠤᠯᠠᠨ ᠬᠤᠨᠤᠭ ᠦᠪᠡᠷ ᠤᠨ ᠢᠶᠠᠨ ᠨᠤᠮ ᠤᠩᠰᠢᠬᠰᠠᠨ ᠪᠠᠶᠢᠳᠠᠯ ᠢᠶᠠᠨ ᠰᠢᠬᠦᠵᠦ᠂ ᠨᠠᠷᠢᠨ | ᠲᠤᠩᠭᠠᠨ ᠪᠤᠳᠤᠯᠬᠢᠯᠠᠵᠦ ᠦᠵᠡᠯ᠎ᠡ᠃ ᠤᠷᠢᠳ ᠨᠢ ᠦᠨᠳᠦᠷ ᠲᠤᠮᠳᠠᠳᠤ ᠶᠢᠨ ᠬᠢᠴᠢᠶᠡᠯ ᠲᠡᠭᠡᠷ᠎ᠡ ︽ᠲᠤᠯᠤᠭᠠᠢ︾ | ᠭᠡᠰᠡᠨ ᠰᠠᠶᠢᠬᠠᠨ ᠵᠤᠬᠢᠶᠠᠯ ᠪᠠᠶᠢᠬᠰᠠᠨ᠃ ᠲᠡᠷᠡ ᠬᠦ ᠵᠤᠬᠢᠶᠠᠯ ᠳᠤ ᠬᠡᠵᠢᠶᠡᠲᠡ ᠦᠨᠡᠨ ᠦᠭᠡ ᠬᠡᠯᠡᠵᠦ ᠶᠠᠪᠤᠳᠠᠭ | ᠳ᠋ᠦᠩᠬᠡᠷ ᠠᠪᠤᠭᠠᠢ ᠬᠤᠳᠠᠯᠴᠢ ᠲᠤᠮᠰᠤᠨ ᠳᠤ ᠬᠠᠷᠢᠭᠤᠯᠬᠤ ᠳᠠᠭᠠᠨ᠄ ︽ᠦᠨᠡᠨ ᠢᠶᠠᠷ ᠨᠢ ᠵᠦᠪ ᠰᠠᠶᠢᠬᠠᠨ ᠪᠢᠴᠢᠪᠡᠯ | ᠵᠦᠭᠡᠷ ᠶᠠᠭᠤᠮ᠎ᠠ ᠪᠤᠯᠬᠤ ᠪᠠᠶᠢᠬ᠎ᠠ︾ ᠭᠡᠰᠡᠨ ᠶᠣᠮ᠃ ᠦᠨᠦ ᠡᠨᠡ ᠦᠭᠡ ᠶᠢ ᠪᠠᠭᠠᠨ ᠬᠤᠪᠢᠷᠠᠭᠤᠯᠵᠦ ᠬᠡᠯᠡᠮᠡᠷ | ᠪᠠᠶᠢᠨ᠎ᠠ᠄ ᠦᠨᠡᠨ ᠢᠶᠠᠷ ᠨᠢ ᠵᠦᠪ ᠰᠠᠶᠢᠬᠠᠨ ᠬᠡᠯᠡᠪᠡᠯ ᠨᠤᠮ ᠤᠩᠰᠢᠬᠤ ᠲᠤᠬᠠᠢ ᠪᠠᠭᠠᠨ ᠬᠡᠷᠡᠭᠴᠡᠭᠡ ᠲᠠᠢ ᠤᠴᠢᠷ | ᠬᠡᠯᠡᠵᠦ ᠭᠠᠷᠭᠠᠵᠦ ᠮᠡᠳᠡᠨ᠎ᠡ᠃ | ᠡᠩ ᠲᠦᠷᠦᠬᠦᠨ ᠳᠤ ᠪᠢ ᠤᠯᠠᠨ ᠨᠤᠮ ᠤᠩᠰᠢᠬᠰᠡᠨ ᠬᠦᠮᠦᠰ ᠤᠨ ᠲᠤᠭᠠᠨ ᠳᠤ ᠠᠷᠠᠢ ᠪᠠᠭᠲᠠᠬᠤ ᠦᠭᠡᠢ | ᠪᠠᠶᠢᠬ᠎ᠠ ᠭᠡᠰᠡᠨ ᠪᠣᠲᠣᠯ ᠢᠶᠠᠨ ᠬᠡᠯᠡᠶ᠎ᠡ᠃ ᠪᠠᠭᠰᠢᠯᠠᠵᠦ ᠪᠠᠶᠢᠬᠤ ᠳᠠᠭᠠᠨ ᠦᠷᠬᠦᠯᠵᠢ ᠨᠤᠮ ᠤᠩᠰᠢᠳᠠᠭ ᠬᠡᠲᠦᠨ | ᠬᠦᠮᠦᠨ ᠤ ᠨᠦᠯᠦ᠋ᠭᠡ ᠪᠠᠷ ᠡᠳᠦᠢ ᠲᠡᠳᠦᠢ ᠨᠤᠮ ᠤᠩᠰᠢᠵᠠᠢ᠃ ᠬᠤᠵᠢᠮ ᠨᠢ ᠠᠵᠢᠯ ᠰᠢᠯᠵᠢᠭᠡᠳ ᠡᠯᠳᠡᠪ ᠡᠰᠡᠨ | ᠮᠠᠲ᠋ᠧᠷᠢᠶᠠᠯ ᠡᠷᠢᠶᠡᠴᠢᠵᠦ ᠰᠠᠭᠤᠬᠰᠠᠨ ᠠᠴᠠ ᠬᠤᠶᠢᠰᠢ ᠨᠤᠮ ᠤᠩᠰᠢᠬᠤ ᠴᠠᠭ ᠲᠤᠩ ᠪᠠᠭ᠎ᠠ ᠪᠤᠯᠵᠠᠢ᠃ ᠨᠡᠩ ᠴᠤ | ᠤᠳᠤ ᠪᠤᠯ ᠪᠠᠭ᠎ᠠ ᠰᠠᠭ᠎ᠠ ᠶᠠᠭᠤᠮ᠎ᠠ ᠤᠷᠴᠢᠭᠤᠯᠵᠦ ᠰᠠᠭᠤᠬᠤ ᠠᠴᠠ ᠤᠨᠳᠤᠤ ᠶᠠᠭᠤ ᠴᠤ ᠤᠩᠰᠢᠵᠦ ᠤᠷᠤᠬᠤ ᠦᠭᠡᠢ | ᠪᠣᠯᠪᠠ᠃ | ᠮᠢᠨᠤ ᠨᠤᠮ ᠤᠩᠰᠢᠬᠰᠠᠨ ᠶᠡᠷᠦᠩᠬᠡᠢ ᠪᠠᠶᠢᠳᠠᠯ ᠢᠶᠠᠨ ᠡᠷᠬᠢᠴᠡᠬᠦᠯᠪᠡᠯ᠄ ᠪᠠᠭ᠎ᠠ ᠰᠤᠷᠭᠠᠭᠤᠯᠢ ᠶᠢᠨ ᠱᠠᠳᠦᠨ ᠳᠤ ᠪᠤᠯ | ᠨᠢᠭᠡ ᠭᠡᠳᠦᠨ ᠬᠡᠤᠭᠡᠳ ᠤᠨ ᠵᠢᠷᠤᠬᠲᠦ ᠨᠤᠮ᠂ ︽ᠴᠤᠮᠤᠷᠯᠢᠭ︾ ︽ᠨᠠᠬᠢᠶ᠎ᠠ︾ ᠠᠴᠠ ᠦᠭᠡᠷ᠎ᠡ ᠭᠠᠪᠢᠬᠰᠠᠨ ᠵᠦᠢᠯ | ᠦᠭᠡᠢ᠃ | ᠠᠩᠬ᠎ᠠ ᠲᠤᠮᠳᠠᠳᠦ ᠶᠢᠨ ᠦᠶ᠎ᠡ ᠳᠤ ᠲᠤᠭᠠᠨ ᠤ ᠬᠢᠴᠢᠶᠡᠯ᠂ ᠹᠢᠽᠢᠺ ᠤᠨ ᠬᠢᠴᠢᠶᠡᠯ ᠲᠡᠭᠡᠷ᠎ᠡ ᠨᠢᠭᠤᠵᠦ | ᠵᠡᠪᠰᠡᠭ ᠤᠨ ᠡᠷᠳᠡᠮ ᠤᠨ ᠦᠯᠢᠭᠡᠷ ᠦᠵᠡᠳᠡᠭ ᠪᠠᠶᠢᠯ᠎ᠠ᠃ ᠲᠡᠭᠡᠭᠡᠳ ᠰᠤᠩᠭᠤᠳᠠᠭ ᠨᠤᠮ ᠶᠠᠭᠤ ᠭᠡᠵᠦ ᠲᠡᠮᠡᠢ | ᠴᠡᠬᠡᠵᠢᠯᠡᠭᠰᠡᠨ ᠦᠭᠡᠢ᠃ ᠬᠠᠷᠢᠨ ︽ᠬᠤᠶᠠᠳᠠᠬᠢ ᠠᠭᠤᠯᠵᠠᠯᠲᠠ︾ ︽ᠮᠤᠷᠢ ᠤᠨᠤᠬᠰᠠᠨ ᠲᠤᠯᠤᠭᠠᠢ ᠦᠭᠡᠢ ᠬᠦᠮᠦᠨ | ︾ ︽ᠠᠩᠬᠢ ᠶᠢᠨ ᠡᠷᠬᠢᠯᠡᠭᠴᠢ︾ ᠵᠡᠷᠭᠡ ᠶᠢ ᠯᠡ ᠴᠡᠭᠡᠵᠢᠯᠡᠵᠦ ᠪᠠᠶᠢᠨ᠎ᠠ᠃ | ᠦᠨᠳᠦᠷ ᠲᠤᠮᠳᠠᠳᠦ ᠳᠤ ᠤᠷᠤᠭᠠᠳ ᠷᠤᠮᠠᠨᠲ᠋ᠢᠭ ᠬᠠᠶᠢᠷ᠎ᠠ ᠲᠤᠷᠠᠯᠠᠯ ᠤᠨ ᠬᠠᠮᠢᠶ᠎ᠠ ᠲᠠᠢ ᠨᠤᠮ ᠨᠡᠯᠢᠶᠡᠳ ᠤᠩᠰᠢᠵᠠᠢ | ᠃ ︽ᠴᠠᠢ ᠶᠢᠨ ᠴᠡᠴᠡᠭᠲᠦ ᠠᠪᠠᠭᠠᠢ︾ ︽ᠤᠯᠠᠭᠠᠨ ᠤ ᠬᠢᠨ ᠪᠠ ᠬᠠᠷ᠎ᠠ ᠶᠢᠨ ᠬᠢᠨ︾ ᠁ ᠵᠡᠷᠭᠡ᠃ ᠢᠩᠬᠢᠭᠡᠳ | ᠪᠠᠷᠤᠭ ᠯᠡ ᠬᠡᠢ ᠰᠤᠯᠢᠶ᠎ᠠ ᠤᠷᠤᠬᠰᠠᠨ ᠶᠤᠮ ᠤᠤ ᠡᠰᠡᠬᠦᠯ᠎ᠡ ᠰᠡᠳᠭᠢᠯᠭᠡ ᠶᠢᠨ ᠡᠮᠵᠡᠭᠯᠡᠯ ᠭᠠᠵᠢᠳᠠᠯ ᠭᠠᠷᠤᠬᠰᠠᠨ ᠴᠤ | ᠶᠤᠮ ᠤᠤ︖ ᠪᠤᠤ ᠮᠡᠳᠡ᠃ ᠶᠠᠭᠤ ᠴᠤ ᠭᠡᠰᠡᠨ ᠬᠤᠵᠢᠮ ᠨᠢ ᠢᠨᠠᠭ ᠬᠤᠩᠭᠤᠷ ᠰᠤᠩᠭᠤᠬᠤ ᠪᠤᠶᠤ ᠠᠮᠢᠳᠤᠷᠠᠯ | ᠤᠷᠤᠭ ᠢ ᠠᠳᠠᠪᠠᠰᠢ ᠮᠠᠭᠤᠬᠠᠢ ᠪᠠᠷ ᠨᠦᠯᠦ᠋ᠭᠡᠯᠡᠵᠠᠢ᠃ ᠲᠡᠭᠡᠬᠦᠯᠡᠷ ᠰᠤᠩᠭᠤᠳᠠᠭ ᠪᠦᠳᠦᠭᠡᠯ ᠪᠦᠬᠦᠨ ᠵᠠᠪᠠᠯ ᠡᠷᠳᠡᠨᠢ | ᠪᠢᠰᠢ᠂ ᠶᠠᠭ ᠰᠠᠶᠢᠨ ᠡᠮ ᠪᠦᠬᠦᠨ ᠢ ᠲᠤᠷ᠎ᠠ ᠪᠠᠷ ᠢᠳᠡᠵᠦ ᠪᠤᠯᠬᠤ ᠦᠭᠡᠢ ᠲᠠᠢ ᠠᠪ ᠠᠳᠠᠯᠢᠬᠠᠨ ᠶᠤᠰᠤ᠃ | ᠰᠤᠷᠤᠬᠴᠢ ᠨᠠᠰᠤᠨ ᠳᠤ ᠪᠠᠭᠰᠢ ᠶᠢᠨ ᠲᠠᠭᠠᠭᠤᠯᠭ᠎ᠠ ᠲᠤᠤᠷ᠎ᠠ᠂ ᠵᠤᠷᠢᠭ ᠡᠷᠴᠢᠯᠡᠬᠦ᠂ ᠰᠡᠳᠭᠢᠯ ᠵᠦᠭᠰᠢᠷᠡᠬᠦᠯᠬᠦ᠂ | ᠰᠠᠨᠠᠭ᠎ᠠ ᠰᠠᠷᠠᠭᠤᠯᠵᠢᠭᠤᠯᠬᠤ ᠡᠳᠦᠢ ᠲᠡᠳᠦᠢ ᠨᠤᠮ ᠤᠩᠰᠢᠪᠠᠯ ᠪᠤᠯᠴᠢᠬᠠᠨ᠎ᠠ᠃ ᠵᠢᠵᠢᠭᠬᠡᠨ ᠬᠡᠷᠡᠭ ᠤᠴᠢᠷ ᠠᠴᠠ | ᠠᠮᠢᠳᠤᠷᠠᠯ ᠤᠨ ᠬᠦᠨ ᠤᠬᠠᠭᠠᠯᠢᠭ ᠶᠤᠰᠤ ᠤᠬᠠᠭᠠᠨ ᠢ ᠰᠡᠷᠡᠬᠦ ᠲᠡᠶᠢᠮᠦᠬᠡᠨ ᠮᠠᠶ᠋ᠢ ᠤᠨ ᠵᠤᠬᠢᠶᠠᠯ ᠲᠤᠬᠢᠷᠠᠨ᠎ᠠ ᠭᠡᠵᠦ | ᠪᠤᠳᠤᠨ᠎ᠠ᠃ ᠡᠷᠢᠶᠡᠨ ᠪᠠᠷᠠᠭᠠᠨ ᠨᠡᠶᠢᠭᠡᠮ᠂ ᠡᠯᠳᠡᠪ ᠡᠰᠡᠨ ᠦᠵᠡᠯ᠂ ᠡᠰᠢ ᠶᠤᠰᠤᠨ ᠤ ᠬᠦᠯᠢᠶᠡᠰᠦ ᠁ ᠭᠡᠳ | ᠲᠤᠬᠢᠷᠠᠬᠤ ᠦᠭᠡᠢ ᠨᠤᠮ ᠵᠠᠬ᠎ᠠ ᠠᠴᠠ ᠪᠠᠨ ᠠᠪᠤᠭᠠᠳ ᠤᠯᠠᠨ᠃ ᠵᠠᠷᠢᠮ ᠨᠤᠮ ᠵᠦᠪᠭᠡᠨ ᠲᠤᠰᠬᠠᠢ ᠬᠠᠨᠳᠤᠰᠢ | ᠴᠢᠭᠯᠡᠯ ᠢᠶᠠᠷ ᠤᠩᠰᠢᠳᠠᠭ ᠬᠦᠮᠦᠨ ᠳᠤ ᠰᠠᠶ᠋ᠢ ᠲᠤᠬᠢᠷᠠᠨ᠎ᠠ᠃ ᠬᠡᠳᠦ ᠡᠷᠳᠡ ᠤᠩᠰᠢᠪᠠᠯ ᠬᠡᠷᠡᠭ ᠲᠦᠪᠡᠭ ᠪᠤᠯᠴᠢᠬᠠᠳᠠᠭ | ᠃ | ᠶᠡᠭᠡ ᠰᠤᠷᠭᠠᠭᠤᠯᠢ ᠳᠤ ᠤᠷᠤᠭᠠᠳ ᠶᠠᠭᠤ ᠰᠤᠳᠤᠯᠤᠨ᠎ᠠ᠂ ᠶᠠᠮᠠᠷ ᠴᠢᠭᠯᠡᠯ ᠢᠶᠠᠷ ᠠᠵᠢᠯᠯᠠᠨ᠎ᠠ ᠭᠡᠳᠡᠭ ᠰᠠᠨᠠᠭ᠎ᠠ | ᠵᠤᠷᠢᠯᠲᠠ ᠪᠠᠶᠢᠬᠰᠠᠨ ᠦᠭᠡᠢ ᠲᠤᠯᠠ ᠴᠤᠬᠤᠮ ᠰᠠᠨᠠᠭᠠᠨ ᠲᠤᠷ᠎ᠠ ᠪᠠᠷ᠂ ᠬᠠᠨᠳᠤᠯᠭ᠎ᠠ ᠦᠭᠡᠢ ᠪᠠᠷ ᠤᠩᠰᠢᠵᠦ ᠦᠴᠢᠨᠡᠨ | ᠲᠦᠴᠢᠨᠡᠨ ᠴᠠᠭ ᠢ ᠪᠠᠷᠠᠭᠠᠵᠠᠢ᠃ ᠬᠠᠷᠢᠨ ᠰᠠᠨᠠᠭᠠᠨ ᠳᠤ ᠦᠭᠡᠢ ᠪᠠᠷ ᠤᠩᠰᠢᠬᠰᠠᠨ ᠵᠠᠷᠢᠮ ᠨᠤᠮ ᠪᠠᠰᠠ ᠵᠦᠭᠡᠷ | ᠤᠯᠤᠯᠲᠠ ᠲᠦᠷᠦᠭᠳᠡᠯ ᠦᠭᠭᠦᠭᠰᠡᠨ ᠴᠤ ᠪᠤᠢ᠃ ᠡᠬᠦᠨ ᠳᠤ ᠰᠤᠷᠭᠠᠭᠤᠯᠢ ᠶᠢᠨ ᠡᠬᠦᠳᠡᠨ ᠲᠡᠭᠡᠷ᠎ᠡ ᠰᠤᠯᠠ ᠪᠠᠷ | ᠬᠤᠳᠠᠯᠳᠦᠵᠦ ᠪᠠᠶᠢᠬᠰᠠᠨ ᠬᠤᠶᠠᠷ ᠨᠤᠮ ᠨᠠᠳᠠ ᠶᠡᠭᠡ ᠰᠠᠭᠤᠬᠳᠠᠯ ᠲᠠᠢ ᠪᠠᠶᠢᠨ᠎ᠠ᠃ ᠨᠢᠭᠡ ᠨᠢ ᠪᠠᠷᠤᠭ ᠶᠠ᠊ · | ᠪᠠᠲᠤᠳᠠᠯᠠᠢ ᠶᠢᠨ ︽ᠲᠡᠭᠷᠢ ᠳᠡᠭᠡᠨ ᠦᠬᠦᠳᠡᠭ ᠰᠢᠪᠠᠭᠤ︾᠂ ᠨᠦᠬᠦᠭᠡ ᠨᠢ ᠠᠨ ᠰᠢᠨ ᠤ ᠪᠢᠴᠢᠭᠰᠡᠨ ︽ᠬᠠᠵᠢᠤᠬᠠᠢ︾ | ᠭᠡᠳᠡᠭ ᠬᠢᠳᠠᠳ ᠰᠢᠯᠦ᠋ᠭ ᠤᠨ ᠲᠡᠬᠦᠪᠦᠷᠢ ᠪᠠᠶᠢᠯ᠎ᠠ᠃ ᠲᠦᠷᠦᠬᠦᠨ ᠤ ᠨᠤᠮ ᠨᠢ ᠰᠢᠯᠦ᠋ᠭ ᠭᠡᠳᠡᠭ ᠴᠢᠨᠢ ᠶᠠᠭᠤ ᠶᠢ ᠴᠤ | ᠪᠦᠷ ᠰᠢᠯᠦ᠋ᠭ ᠪᠤᠯᠭᠠᠵᠦ ᠪᠢᠴᠢᠵᠦ ᠪᠤᠯᠳᠠᠭ ᠶᠤᠮ ᠪᠠᠶᠢᠨ᠎ᠠ ᠭᠡᠳᠡᠭ ᠢ ᠮᠡᠳᠡᠬᠦᠯᠵᠦ᠂ ᠤᠳᠠᠭᠠᠬᠢ ᠨᠤᠮ ᠨᠢ ᠮᠢᠨᠤᠬᠢ | ᠤᠨᠢᠰᠤᠭ᠎ᠠ ᠲᠠᠭᠠᠭᠠᠵᠦ ᠪᠦᠲᠡᠬᠢ ᠰᠢᠯᠦ᠋ᠭ ᠰᠤᠳᠤᠯᠬᠤ ᠶᠢᠨ ᠡᠬᠢᠯᠡᠯᠲᠡ ᠪᠤᠯᠤᠬᠰᠠᠨ ᠪᠠᠶᠢᠳᠠᠯ ᠲᠠᠢ᠃ ᠡᠨᠡ ᠬᠤᠶᠠᠷ | ᠨᠤᠮ ᠢ ᠨᠢᠭᠡᠨ ᠴᠠᠭ ᠤᠨ ᠬᠡᠶᠢᠷᠭᠡᠯ ᠠᠴᠠ ᠪᠤᠯᠵᠦ᠂ ᠰᠢᠳᠦᠨ ᠵᠠᠪᠰᠠᠷ ᠢᠶᠠᠷ ᠢᠶᠠᠨ ᠠᠷᠪᠢᠯᠠᠬᠰᠠᠨ ᠲᠤᠭᠠᠲᠠᠢ ᠬᠡᠳᠦᠨ | ᠮᠦᠩᠬᠦ ᠪᠠᠷ ᠢᠶᠠᠨ ᠬᠤᠳᠠᠯᠳᠦᠵᠦ ᠠᠪᠤᠬᠰᠠᠨ ᠪᠤᠯᠬᠤᠷ ᠨᠠᠷᠢᠨ ᠤᠩᠰᠢᠬᠰᠠᠨ ᠨᠢ ᠨᠢᠭᠡ ᠰᠢᠯᠳᠠᠭᠠᠨ ᠪᠠᠶᠢᠵᠦ ᠪᠤᠯᠤᠮᠠᠷ᠂ | ᠨᠦᠬᠦᠭᠡ ᠨᠢᠭᠡ ᠨᠢ ᠪᠠᠶᠢᠷᠢ ᠳᠤ ᠠᠪᠠᠴᠢᠭᠠᠳ ᠲᠡᠷᠡ ᠶᠢᠨ ᠬᠠᠵᠠᠭᠤᠳᠠ ᠲᠠᠯᠪᠢᠬᠰᠠᠨ ᠪᠠᠶᠢᠳᠠᠭ ᠢᠶᠠᠷ ᠦᠯᠦ᠋ᠰᠭᠦᠯᠡᠩ | ᠭᠠᠴᠢᠭ ᠲᠠᠢ ᠡᠳᠦᠷ ᠬᠠᠷᠭᠤᠪᠠᠯ ᠲᠦᠷ ᠴᠠᠭ ᠴᠤ ᠭᠡᠰᠡᠨ ᠮᠠᠷᠳᠠᠬᠤ ᠶᠢ ᠰᠠᠨᠠᠳᠠᠭ ᠢᠶᠠᠷ ᠨᠠᠷᠢᠨ ᠤᠩᠰᠢᠬᠳᠠᠬᠰᠠᠨ | ᠪᠠᠶᠢᠵᠦ ᠮᠠᠭᠠᠳ ᠶᠤᠮ᠃ ᠪᠠᠷᠤᠭ ᠰᠢᠯᠦ᠋ᠭ ᠪᠦᠷᠢ ᠶᠢ ᠬᠡᠳᠦᠨ ᠤᠳᠠᠭ᠎ᠠ᠂ ᠱᠠᠳ ᠪᠦᠷᠢ ᠶᠢ ᠴᠡᠭᠡᠵᠢᠯᠡᠮᠡᠷ ᠪᠤᠯᠳᠠᠯ᠎ᠠ | ᠤᠩᠰᠢᠵᠦ ᠪᠠᠶᠢᠵᠠᠢ᠃ ᠶᠠᠭᠤ ᠴᠤ ᠭᠡᠰᠡᠨ ᠰᠢᠯᠦ᠋ᠭ ᠡᠬᠢᠯᠡᠭᠡᠳ ᠤᠩᠰᠢᠬᠰᠠᠨ ᠪᠤᠯᠬᠤᠷ ᠴᠢᠨᠠᠬᠰᠢ ᠨᠢ ᠰᠢᠯᠦ᠋ᠭ | ᠪᠢᠴᠢᠬᠦ ᠶᠢ ᠰᠠᠨᠠᠵᠦ᠂ ᠰᠢᠯᠦ᠋ᠭ ᠪᠢᠴᠢᠬᠦ ᠶᠢ ᠰᠠᠨᠠᠬᠰᠠᠨ ᠠᠴᠠ ᠰᠢᠯᠦ᠋ᠭ ᠪᠢᠴᠢᠳᠡᠭ ᠬᠦᠮᠦᠰ ᠢ ᠪᠠᠭᠰᠢ ᠪᠠᠷᠢᠵᠦ ᠡᠷᠢᠵᠦ | ᠬᠦᠶᠦᠬᠦ ᠪᠤᠯᠵᠠᠢ᠃ | ᠬᠠᠮᠤᠭ ᠲᠦᠷᠦᠬᠦᠨ ᠳᠤ ︽ᠦᠪᠦᠷ ᠮᠤᠩᠭᠤᠯ ᠤᠨ ᠡᠳᠦᠷ ᠤᠨ ᠰᠤᠨᠢᠨ ᠤ ᠬᠤᠷᠢᠶ᠎ᠠ︾ ᠶᠢᠨ ᠲ᠊ · ᠰᠡᠴᠡᠨ | ᠪᠠᠭᠰᠢ ᠲᠠᠢ ᠲᠠᠨᠢᠯᠴᠠᠵᠦ᠂ ᠰᠢᠯᠦ᠋ᠭ ᠪᠢᠴᠢᠬᠦ ᠶᠢ ᠰᠤᠷᠤᠨ᠎ᠠ ᠭᠡᠵᠦ ᠱᠠᠪᠢ ᠤᠷᠤᠬᠤ ᠪᠠᠷ ᠭᠤᠶᠤᠬᠰᠠᠨ ᠪᠠᠶᠢᠨ᠎ᠠ᠃ ᠨᠠ᠊ | · ᠦᠯᠵᠡᠶᠢᠳᠡᠯᠭᠡᠷ ᠪᠠᠭᠰᠢ ᠶᠢᠨ ᠤᠷᠤᠰᠤᠮ᠎ᠠ ᠤᠶᠠᠩᠭᠠᠯᠢᠭ ᠰᠢᠯᠦ᠋ᠭ ᠢᠶᠠᠨ ᠨᠠᠮᠪᠠᠲᠠᠶᠢᠬᠠᠨ ᠤᠩᠰᠢᠵᠦ | ᠰᠤᠨᠢᠷᠬᠠᠭᠤᠯᠬᠤ ᠳᠤ ᠶᠡᠭᠡ ᠯᠡ ᠰᠠᠶᠢᠬᠠᠨ ᠰᠤᠨᠤᠰᠴᠦ᠂ ᠠᠷᠠᠵᠠ ᠬᠤᠷᠠᠵᠠ ᠠᠮᠰᠠᠬᠰᠠᠨ ᠮᠡᠳᠦ ᠠᠭᠠᠭ ᠲᠠᠢ ᠰᠠᠶᠢᠬᠠᠨ | ᠰᠠᠨᠠᠬᠳᠠᠵᠦ ᠪᠠᠶᠢᠵᠠᠢ᠃ ᠲᠡᠭᠡᠳᠡᠯ᠎ᠡ ᠲᠤᠷᠤᠨᠠᠲ᠋ᠡᠭᠷᠢ ᠪᠠᠭᠰᠢ ᠶᠢᠨ ︽ᠠᠩᠬᠢᠯᠦ᠋ᠮᠠ ᠦᠨᠦᠷᠲᠦ ᠴᠠᠭ ᠮᠦᠴᠡ︾ | ᠭᠡᠪᠯᠡᠭᠳᠡᠨ ᠭᠠᠷᠴᠦ ᠢᠷᠡᠭᠡᠳ ᠨᠢᠭᠡ ᠨᠤᠮ ᠤᠯᠤᠬᠰᠠᠨ ᠲᠤᠯᠠ ᠪᠠᠰᠠᠯᠠ ᠲᠡᠷᠡ ᠶᠢᠨ ᠬᠠᠵᠠᠭᠤ ᠳᠠᠭᠠᠨ ᠲᠠᠯᠪᠢᠵᠦ | ᠰᠤᠳᠤᠯᠤᠭᠠᠳ ᠡᠬᠢᠯᠡᠵᠠᠢ᠃ ᠡᠳᠡᠭᠡᠷ ᠰᠢᠯᠦ᠋ᠭ ᠢ ᠤᠩᠰᠢᠬᠤ ᠳᠤ ᠠᠷᠠᠵᠠ ᠬᠤᠷᠠᠵᠠ ᠰᠠᠨᠠᠬᠳᠠᠬᠰᠠᠨ ᠦᠭᠡᠢ᠂ ᠬᠠᠷᠢᠨ | ᠬᠠᠩᠬᠤᠯᠤᠮ᠎ᠠ ᠰᠠᠶᠢᠬᠠᠨ ᠰᠢᠷᠠᠩᠭᠤᠢ ᠨᠤᠭᠤᠭᠠᠨ ᠯᠦ᠋ᠩᠵᠢᠩ ᠴᠠᠢ ᠪᠤᠳᠤᠬᠳᠠᠵᠦ᠂ ᠠᠭᠠᠭ ᠲᠡᠰ ᠦᠭᠡᠢ | ᠪᠠᠶᠢᠳᠠᠯ᠎ᠠ ᠪᠠᠨ ᠰᠤᠬᠳᠤᠭᠠᠵᠦ ᠪᠠᠶᠢᠮᠠᠷ ᠰᠠᠨᠠᠬᠳᠠᠭᠤᠯᠵᠠᠢ᠃ ᠤᠯᠠᠨ ᠰᠢᠯᠦ᠋ᠭ ᠤᠨ ᠲᠡᠪᠳᠡᠷ ᠰᠤᠨᠢᠷᠬᠠᠨ ᠰᠢᠯᠦ᠋ᠭ | ᠪᠢᠴᠢᠵᠦ ᠤᠷᠤᠯᠳᠤᠵᠦ ᠪᠠᠶᠢᠬᠰᠠᠨ ᠦᠩᠭᠡᠷᠡᠯᠳᠡ ᠨᠢ ᠨᠠᠮᠠᠶ᠋ᠢ ᠬᠤᠵᠢᠮ ᠨᠢ ᠨᠠᠶᠢᠷᠠᠭᠤᠯᠤᠯ ᠡᠬᠢᠯᠡᠵᠦ ᠪᠢᠴᠢᠬᠦ | ᠪᠤᠯᠬᠤ ᠳᠤ ᠦᠭᠡ ᠬᠡᠯᠡᠯᠭᠡ ᠶᠢᠨ ᠰᠢᠷᠭᠠᠭᠠᠯᠳᠠ ᠶᠢᠨ ᠲᠠᠯ᠎ᠠ ᠪᠠᠷ ᠶᠡᠬᠡᠬᠡᠨ ᠲᠤᠰᠠ ᠲᠡᠮ ᠪᠤᠯᠤᠬᠰᠠᠨ ᠪᠢᠯᠡ᠃ | ᠬᠤᠵᠢᠮ ᠨᠢ ᠰᠢᠯᠦ᠋ᠭ ᠪᠢᠴᠢᠬᠦ ᠲᠤᠳᠤᠮ ᠪᠡᠶ᠎ᠡ ᠪᠠᠨ ᠭᠤᠯᠤᠳᠠᠭ ᠪᠤᠯᠵᠦ᠂ ᠪᠠᠰᠠ ᠨᠢᠭᠡ ᠬᠠᠮᠳᠤ ᠰᠤᠷᠤᠬᠴᠢ ᠨᠠᠮᠠᠶ᠋ᠢ | ᠰᠦᠯᠵᠢᠶᠡᠨ ᠲᠡᠭᠡᠷ᠎ᠡ ︽ᠴᠢ ᠰᠢᠯᠦ᠋ᠭ ᠪᠢᠴᠢᠬᠦ ᠬᠦᠮᠦᠨ ᠪᠢᠰᠢ᠂ ᠬᠠᠷᠢᠨ ᠨᠠᠶᠢᠷᠠᠭᠤᠯᠤᠯ ᠢᠶᠠᠨ ᠰᠠᠶᠢᠬᠠᠨ ᠪᠢᠴᠢᠴᠢᠬᠡ︕ | ︾ ᠭᠡᠰᠡᠨ ᠳᠤ ᠪᠢ ᠴᠢᠨᠢ ᠢᠨᠠᠭ ᠬᠤᠩᠭᠤᠷ ᠢᠶᠠᠨ ᠨᠠᠶᠢᠵᠢ ᠳᠠᠭᠠᠨ ᠪᠤᠯᠢᠶᠠᠬᠳᠠᠬᠰᠠᠨ ᠰᠢᠭ ᠵᠤᠪᠠᠵᠦ᠂ ᠠᠷᠭ᠎ᠠ ᠪᠤᠰᠤ | ᠰᠢᠯᠦ᠋ᠭ ᠪᠢᠴᠢᠬᠦ ᠪᠠᠨ ᠵᠤᠬᠰᠤᠵᠠᠢ᠃ ᠬᠤᠵᠢᠮ ᠨᠢ ᠨᠠ᠊ · ᠰᠤᠩᠳᠤᠢ ᠶᠢᠨ ︽ᠬᠠᠶᠢᠷ᠎ᠠ ᠶᠢᠨ ᠰᠢᠬᠦᠳᠡᠷᠢ︾ ᠶᠢ | ᠲᠠᠭᠤᠷᠢᠶᠠᠵᠦ᠂ ᠰᠤᠳᠨᠠᠮ ᠪᠠᠭᠰᠢ ᠶᠢᠨ ︽ᠨᠠᠷᠠᠨ ᠤ ᠲᠤᠤᠷ᠎ᠠ︾ ᠶᠢ ᠪᠠᠭᠠᠷᠬᠠᠵᠦ ᠪᠠᠶᠢᠬᠰᠠᠭᠠᠷ᠂ ᠨᠠᠶᠢᠷᠠᠭᠤᠯᠤᠯ | ᠤᠩᠰᠢᠵᠦ᠂ ᠵᠤᠬᠢᠶᠠᠨ ᠪᠦᠳᠦᠭᠡᠵᠦ ᠡᠬᠢᠯᠡᠵᠠᠢ᠃ | | | |