ᠭᠡᠦᠭᠡᠳ ᠤᠨ ᠢᠶᠠᠨ ᠠᠬᠢᠨ ᠲᠠᠬᠢᠨ ᠱᠠᠯᠠᠬᠤ ᠬᠦᠴᠦ ᠪᠠᠷ ᠭᠠᠯᠰᠠᠩ ᠡᠪᠦᠭᠡᠨ ᠡᠴᠦᠰ ᠲᠡᠭᠡᠨ ᠬᠤᠳᠠ | ᠤᠷᠤᠬᠤ ᠪᠠᠷ ᠪᠤᠯᠪᠠ᠃ | ᠡᠪᠦᠭᠡᠨ ᠡᠮᠡᠭᠡᠨ ᠠᠴᠠ ᠭᠡᠦᠭᠡᠳ ᠵᠤᠯᠵᠠᠭ᠎ᠠ ᠤᠯᠠᠨᠳᠠᠢ᠃ ᠦᠰᠦᠭᠡᠢ ᠵᠠᠯᠭᠠᠨ ᠪᠠᠭᠤᠵᠤ ᠢᠷᠡᠭᠡᠳ ᠶᠡᠭᠡ ᠨᠢ | ᠪᠠᠭ᠎ᠠ ᠪᠠᠨ ᠲᠠᠭᠠᠭᠤᠯᠵᠤ ᠬᠦᠮᠦᠨ ᠪᠤᠯᠵᠠᠭᠠᠭᠰᠠᠨ ᠤᠬᠠᠭᠠᠨ ᠲᠠᠢ᠃ ᠭᠡᠦᠭᠡᠳ ᠤᠨ ᠢᠶᠠᠨ ᠭᠤᠷᠪᠠᠨ ᠡᠷᠢᠨ ᠤ | ᠬᠤᠭᠤᠯᠠ ᠶᠢ ᠨᠢ ᠵᠦᠪᠯᠡᠵᠦ ᠲᠠᠯᠤ ᠮᠦᠷᠦ ᠶᠢ ᠨᠢ ᠪᠦᠳᠦᠨ ᠪᠤᠯᠭᠠᠭᠰᠠᠨ ᠲᠡᠳᠦᠢ ᠭᠡᠪᠡᠯ ᠠᠷᠠᠢ ᠬᠢᠯᠢᠰᠳᠡᠬᠦᠯᠴᠢᠭᠡᠬᠦ᠃ | ᠶᠠᠭ ᠦᠨᠡᠨ ᠢ ᠭᠡᠯᠡᠬᠦ ᠳᠤ ᠲᠡᠷᠡ ᠡᠷᠢᠨ ᠳᠤ ᠡᠳᠦᠢ ᠤᠯᠠᠨ ᠠᠮᠠᠨ ᠲᠤᠭᠠᠨ ᠤ ᠢᠳᠡᠬᠦ ᠡᠮᠦᠰᠭᠦ ᠳᠤᠨᠢ ᠵᠦᠪᠯᠡᠬᠦ ᠭᠡᠵᠤ | ᠴᠤᠬᠤᠮ ᠲᠤᠮᠤ ᠠᠰᠠᠭᠤᠳᠠᠯ ᠭᠡᠵᠤ ᠮᠡᠳᠡ ᠁ ᠡᠶᠢᠮᠦ ᠲᠤᠯᠭᠠᠮ᠎ᠠ ᠲᠤᠮᠤ ᠠᠰᠠᠭᠤᠳᠠᠯ ᠢ ᠰᠢᠢᠳᠪᠦᠷᠢᠯᠡᠬᠦ ᠳᠤ | ᠶᠡᠭᠡ ᠭᠡᠮᠵᠢᠶᠡᠨ ᠤ ᠴᠠᠭ ᠬᠦᠳᠡᠯᠮᠦᠷᠢ ᠭᠡᠷᠡᠭᠰᠡᠨ᠎ᠡ᠃ ᠡᠷ᠎ᠡ ᠡᠮ᠎ᠡ ᠬᠤᠶᠠᠭᠤᠯᠠ ᠭᠡᠦᠭᠡᠳ ᠤᠨ ᠢᠶᠠᠨ ᠢᠳᠡᠵᠦ ᠡᠮᠦᠰᠭᠦ | ᠲᠤᠮᠤ ᠠᠰᠠᠭᠤᠳᠠᠯ ᠤᠨ ᠬᠤᠶᠢᠨ᠎ᠠ ᠠᠴᠠ ᠬᠦᠯᠦ᠋ᠰᠦ ᠪᠠᠨ ᠤᠷᠤᠰᠬᠠᠵᠤ ᠶᠠᠪᠤᠭᠰᠠᠭᠠᠷ ᠡᠳᠦᠢ ᠳᠤ ᠬᠦᠷᠴᠦ ᠢᠷᠡᠭᠡᠳ | ᠰᠠᠶ᠋ᠢ ᠪᠠᠭᠠᠨ ᠠᠮᠢᠰᠬᠤᠭ᠎ᠠ ᠠᠪᠬᠤ ᠰᠢᠭ ᠪᠤᠯᠪᠠ᠃ ᠤᠳᠤ ᠠᠮᠢᠰᠬᠤᠭ᠎ᠠ ᠠᠪᠬᠤ ᠳᠤ ᠠᠮᠢᠰᠬᠤᠭ᠎ᠠ ᠠᠪᠬᠤ ᠡᠷᠢᠨ | ᠪᠤᠯᠵᠠᠢ ᠭᠡᠵᠤ ᠭᠡᠦᠭᠡᠳ ᠨᠢ ᠭᠡᠯᠡᠵᠡᠭᠡᠪᠡ᠃ ᠡᠨᠡ ᠦᠭᠡᠨ ᠳᠤ ᠭᠠᠯᠰᠠᠩ ᠡᠪᠦᠭᠡᠨ ᠭᠤᠮᠤᠷᠬᠠᠬᠤ ᠰᠢᠦ ᠪᠤᠯᠵᠤ | ᠤᠴᠢᠪᠠ᠃ ᠨᠢᠭᠡ ᠨᠠᠰᠤ ᠪᠠᠷ ᠢᠶᠠᠨ ᠦᠭᠡᠷ᠎ᠡ ᠶᠠᠭᠤᠮ᠎ᠠ ᠬᠢᠭᠰᠡᠨ ᠦᠭᠡᠢ᠂ ᠲᠠᠨᠤᠰ ᠢ ᠬᠦᠮᠦᠨ ᠪᠤᠯᠭᠠᠨ᠎ᠠ ᠭᠡᠵᠤ | ᠦᠨᠡᠨ ᠰᠡᠳᠭᠢᠯ ᠠᠴᠠ ᠪᠠᠨ ᠮᠠᠬᠠᠷᠠᠭᠰᠠᠨ ᠪᠤᠯᠬᠤ ᠠᠴᠠ ᠭᠡᠵᠤ ᠭᠤᠮᠤᠷᠬᠠᠵᠤ ᠠᠪᠴᠠᠢ ᠁ | ᠭᠠᠯᠳᠤ ᠲᠡᠷᠭᠡᠨ ᠳᠤᠨᠢ ᠠᠩᠬ᠎ᠠ ᠤᠳᠠᠭ᠎ᠠ ᠪᠠᠨ ᠰᠠᠭᠤᠬᠤ ᠪᠤᠯᠪᠠ᠃ ᠲᠡᠭᠡᠬᠦ ᠳᠤ ᠮᠠᠨᠠᠢ ᠡᠪᠦᠭᠡᠨ ᠭᠠᠯᠳᠤ | ᠲᠡᠷᠭᠡ ᠨᠢ ᠭᠡᠷᠪᠡ ᠡᠯᠢᠭᠡ ᠪᠠᠷ ᠢᠶᠠᠨ ᠮᠦᠯᠬᠦᠬᠦ ᠦᠭᠡᠢ᠂ ᠬᠠᠷᠢᠨ ᠪᠤᠰᠤᠭᠠᠳ ᠬᠦᠶᠦᠪᠡᠯ ᠨᠡᠩ ᠬᠤᠷᠳᠤᠨ ᠪᠠᠶᠢᠵᠤ | ᠮᠡᠳᠡᠨ᠎ᠡ ᠭᠡᠰᠡᠨ ᠲᠠᠮ ᠰᠤᠨᠤᠰᠬᠠᠯ ᠲᠠᠢ ᠶᠠᠪᠤᠭᠰᠠᠨ ᠬᠦᠮᠦᠨ ᠶᠤᠮ᠃ ᠲᠡᠷᠭᠡᠨ ᠵᠤᠭᠰᠤᠭᠠᠯ ᠳᠤ ᠪᠦᠯᠦ᠋ᠭ | ᠪᠦᠯᠦ᠋ᠭ ᠢᠶᠠᠷ ᠪᠦᠭᠡᠮᠨᠡᠷᠡᠭᠰᠡᠨ ᠬᠦᠮᠦᠰ ᠲᠡᠷᠭᠡ ᠢᠷᠡᠬᠦ ᠶᠢ ᠬᠦᠯᠢᠶᠡᠵᠦ ᠵᠤᠭᠰᠤᠵᠠᠭᠠᠨᠠ᠃ | ᠲᠡᠷᠭᠡ ᠤᠭᠤᠬᠢᠯᠠᠭᠰᠠᠭᠠᠷ ᠦᠷᠳᠡᠭᠡ ᠤᠷᠤᠵᠤ ᠢᠷᠡᠭᠡᠳ ᠤᠷᠳᠤ ᠠᠮᠢᠰᠬᠤᠯᠯᠠᠭᠰᠠᠭᠠᠷ ᠠᠯᠭᠤᠷ ᠵᠤᠭᠰᠤᠯ᠎ᠠ᠃ | ᠮᠦᠷᠯᠡᠵᠦ ᠪᠠᠶᠢᠭᠰᠠᠨ ᠬᠦᠮᠦᠰ ᠤᠨ ᠡᠩᠨᠡᠭᠡ ᠭᠱᠠᠨ ᠵᠠᠭᠤᠷ᠎ᠠ ᠵᠠᠳᠠᠷᠠᠵᠤ ᠬᠦᠮᠦᠰ ᠲᠡᠷᠭᠡᠨ ᠡᠬᠦᠳᠡ ᠲᠡᠮᠡᠴᠡᠨ | ᠬᠦᠶᠦᠯᠳᠦᠯᠡ᠃ ᠡᠬᠦᠷᠭᠡ ᠲᠡᠬᠦᠷᠭᠡ ᠪᠤᠭᠴᠤ ᠪᠤᠭᠤᠳᠠᠯ ᠢᠶᠠᠨ ᠲᠡᠪᠡᠷᠢᠬᠦ ᠨᠢ ᠲᠡᠪᠡᠷᠢᠵᠦ᠂ ᠡᠬᠦᠷᠬᠦ ᠨᠢ ᠡᠬᠦᠷᠴᠦ᠂ | ᠨᠢᠯᠬ᠎ᠠ ᠲᠠᠢ ᠨᠢ ᠨᠢᠯᠬ᠎ᠠ ᠪᠠᠨ ᠲᠡᠳᠡᠭᠡᠨᠡᠳᠡᠯᠡ ᠴᠢᠷᠴᠦ ᠬᠦᠶᠦᠯᠳᠦᠪᠡ᠃ ᠬᠦᠮᠦᠰ ᠠᠵᠢᠯᠳᠠᠳ ᠤᠨ ᠵᠢᠯᠤᠭᠤᠳᠤᠯᠭ᠎ᠠ ᠶᠢ | ᠭᠡᠷᠡᠭᠰᠡᠬᠦ ᠪᠠᠶᠢᠳᠠᠯ ᠤᠭᠳᠤ ᠦᠭᠡᠢ᠂ ᠵᠦᠪᠭᠡᠨ ᠲᠡᠷᠭᠡᠨ ᠳᠤ ᠤᠷᠢᠳ ᠢᠶᠠᠷ ᠭᠠᠷᠬᠤ ᠪᠠᠷ ᠦᠷᠢᠰᠦᠯᠳᠦᠵᠦ᠂ | ᠴᠢᠷᠠᠢ ᠪᠠᠨ ᠤᠯᠠᠶᠢᠯᠭᠠᠵᠤ ᠬᠦᠵᠦᠬᠦᠦ ᠪᠠᠨ ᠭᠤᠷᠳᠠᠶᠢᠯᠭᠠᠵᠠᠭᠠᠪᠠ᠃ ᠴᠢᠷᠦᠭᠳᠡᠭᠰᠡᠨ ᠬᠤᠷᠮᠤᠢ ᠬᠤᠰᠢ ᠪᠠᠨ | ᠤᠴᠠᠭᠠᠷᠳᠠᠶᠢᠬᠠᠨ ᠲᠠᠳᠠᠯᠴᠠᠵᠤ᠂ ᠬᠦᠯ ᠢᠶᠠᠨ ᠬᠢᠰᠭᠢᠯᠴᠡᠵᠦ᠂ ᠮᠠᠭᠤ ᠰᠠᠶᠢᠨ ᠬᠠᠷᠢᠶᠠᠯ ᠤᠷᠤᠰᠬᠠᠵᠠᠭᠠᠨᠠ᠃ | ᠡᠪᠦᠭᠡᠨ ᠢ ᠲᠡᠷᠭᠡᠨ ᠳᠤ ᠠᠷᠠᠢ ᠭᠠᠷᠳᠠᠯ᠎ᠠ ᠲᠡᠷᠭᠡ ᠬᠦᠳᠡᠯᠴᠢᠭᠡᠪᠡ᠃ ᠬᠤᠵᠢᠭᠳᠠᠯᠠ ᠭᠡᠵᠤ ᠠᠶᠤᠵᠤ ᠪᠠᠶᠢᠭᠰᠠᠨ | ᠴᠢᠨᠢ ᠠᠰᠢᠬᠦᠢ ᠠᠮᠵᠢᠭᠤᠯᠤᠭᠰᠠᠨ ᠪᠠᠶᠢᠨ᠎ᠠ᠃ ᠠᠷᠭᠠᠯᠠᠵᠤ ᠰᠠᠭᠤᠳᠠᠯ ᠢᠶᠠᠨ ᠤᠯᠵᠤ ᠠᠪᠤᠯ᠎ᠠ᠃ ᠮᠢᠬ᠎ᠠ ᠲᠠᠷᠢᠶ᠎ᠠ ᠪᠠᠨ | ᠲᠡᠯᠭᠡᠵᠦ ᠠᠷᠢᠬᠢ ᠭᠤᠳᠤᠷᠴᠤ ᠪᠦᠬᠦᠢ ᠭᠡᠳᠦᠨ ᠬᠦᠮᠦᠨ ᠲᠠᠢ ᠵᠡᠷᠭᠡᠴᠡᠨ ᠰᠠᠭᠤᠪᠠ᠃ ᠬᠤᠷᠤᠭᠤ ᠵᠢᠮᠡᠯᠴᠡᠵᠦ ᠦᠨᠳᠦᠷ | ᠲᠠᠭᠤ ᠪᠠᠷ ᠬᠠᠭᠠᠯᠠᠨ ᠢᠨᠢᠶᠡᠬᠦ ᠳᠤ ᠠᠮᠠᠨ ᠠᠴᠠ ᠨᠢ ᠢᠳᠡᠰᠢᠨ ᠤ ᠦᠷᠦᠪᠳᠡᠰᠦ ᠬᠠᠶᠠ ᠦᠯᠢᠶᠡᠭᠳᠡᠨ ᠪᠤᠳᠠᠷᠠᠵᠤ | ᠪᠠᠶᠢᠯ᠎ᠠ᠃ ᠵᠢᠰᠢᠬᠦᠦ ᠰᠠᠭᠤᠳᠠᠯ ᠳᠤ ᠲᠠᠷᠭᠤᠨ ᠰᠢᠷ᠎ᠠ ᠪᠦᠰᠡᠬᠦᠢ ᠲᠤᠮᠤ ᠬᠦᠬᠦ ᠪᠠᠨ ᠬᠠᠭᠠᠰ ᠢᠯᠡᠬᠦᠦ ᠭᠠᠷᠭᠠᠵᠤ | ᠭᠡᠦᠭᠡᠳ ᠬᠦᠬᠦᠬᠦᠯᠵᠦ ᠪᠠᠶᠢᠪᠠ᠃ ᠪᠠᠰᠠ ᠬᠠᠶᠠ ᠲᠤᠭᠵᠢᠷᠠᠵᠤ ᠠᠪᠤᠨ᠎ᠠ᠃ ᠤᠳᠠᠯ ᠦᠭᠡᠢ ᠠᠵᠢᠯᠳᠠᠨ ᠲᠡᠷᠭᠡᠨ | ᠭᠤᠳᠤᠮ ᠢ ᠱᠦᠬᠦᠷᠳᠡᠵᠦ ᠨᠠᠭᠠᠰᠢᠯᠠᠬᠤ ᠬᠠᠷᠠᠭᠳᠠᠨ᠎ᠠ᠃ ᠠᠭᠤᠯᠠ ᠤᠪᠤᠭ᠎ᠠ ᠴᠢᠨᠡᠭᠡ ᠬᠤᠭ ᠨᠤᠪᠰᠢ ᠶᠢ ᠨᠤᠮᠤᠨ | ᠰᠤᠬᠤᠷ ᠰᠢᠷᠤᠢ ᠶᠢᠨ ᠤᠪᠤᠭ᠎ᠠ ᠭᠠᠷᠭᠠᠬᠤ ᠠᠳᠠᠯᠢ ᠲᠦᠯᠬᠢᠭᠰᠡᠭᠡᠷ ᠤᠶᠢᠷᠠᠳᠤᠨ᠎ᠠ᠃ ᠢᠳᠡᠭᠡᠨ ᠤ ᠬᠠᠯᠢᠰᠤ᠂ | ᠢᠳᠡᠰᠢᠨ ᠤ ᠤᠭᠤᠳᠠ᠂ ᠤᠮᠳᠠᠭᠠᠨ ᠤ ᠰᠦᠯᠢᠶᠤᠤ ᠯᠤᠩᠬᠤ᠂ ᠬᠠᠭᠠᠰ ᠢᠳᠡᠭᠡᠳ ᠤᠷᠬᠢᠭᠰᠠᠨ ᠰᠢᠳᠦᠨ ᠤᠷᠤᠮ | ᠪᠦᠬᠦᠢ ᠠᠯᠮᠤᠷᠠᠳ᠂ ᠲᠠᠮᠠᠬᠢᠨ ᠶᠤᠵᠤᠭᠤᠷ᠂ ᠵᠦᠯᠬᠦᠬᠦᠷ ᠴᠠᠭᠠᠰᠤ᠂ ᠤᠶᠢᠮᠤᠰᠤ ᠲᠡᠷᠢᠬᠦᠳᠡᠨ ᠬᠦᠭᠯᠡᠷᠡᠵᠦ | ᠬᠠᠷᠠᠭᠳᠠᠨ᠎ᠠ᠃ ᠰᠠᠶ᠋ᠢᠶ᠋ᠢᠨ ᠭᠡᠳᠦᠬᠦᠯᠡ ᠮᠦᠯᠵᠢᠭᠰᠡᠨ ᠭᠠᠭᠠᠢ ᠶᠢᠨ ᠰᠢᠬᠢᠷ᠎ᠡ ᠶᠢᠨ ᠶᠠᠰᠤ᠂ ᠦᠨᠳᠡᠭᠡᠨ ᠬᠠᠯᠢᠰᠤ᠂ ᠰᠢᠯ | ᠯᠤᠩᠬᠤ ᠪᠠᠨ ᠬᠤᠭ ᠨᠤᠪᠰᠢ ᠶᠢᠨ ᠤᠪᠤᠭᠠᠨ ᠳᠤ ᠰᠦᠷᠦᠭ ᠨᠡᠶᠢᠯᠡᠬᠦᠯᠵᠦ ᠦᠭᠪᠡ᠃ | ᠲᠡᠭᠡᠬᠦᠯᠡᠷ ᠡᠪᠦᠭᠡᠨ ᠤ ᠬᠠᠮᠠᠷ ᠲᠤ ᠰᠢᠪᠡᠷᠢ ᠶᠢᠨ ᠦᠨᠦᠷ ᠰᠡᠩᠬᠢᠨᠡᠪᠠ᠃ ᠠᠷᠢᠬᠢ ᠤᠤᠭᠤᠵᠤ ᠪᠠᠶᠢᠭ᠎ᠠ ᠮᠤᠯᠳᠤᠭ | ᠲᠤᠯᠤᠭᠠᠶᠢᠳᠤ ᠱᠠᠬᠠᠢ ᠪᠠᠨ ᠲᠠᠶᠢᠯᠤᠭᠠᠳ ᠵᠠᠪᠢᠯᠠᠵᠤ ᠰᠠᠭᠤᠵᠤ ᠪᠠᠶᠢᠭᠰᠠᠨ ᠢ ᠡᠪᠦᠭᠡᠨ ᠬᠠᠶᠢᠵᠤ ᠬᠠᠷᠠᠪᠠ᠃ ᠲᠡᠷᠭᠡᠨ ᠤ | ᠴᠠᠭᠠᠳᠤ ᠲᠠᠯ᠎ᠠ ᠠᠴᠠ ᠪᠠᠷᠠᠭᠠᠨ ᠤ ᠲᠡᠷᠭᠡ ᠲᠦᠯᠬᠢᠭᠰᠡᠨ ᠠᠵᠢᠯᠳᠠᠨ ᠠᠭᠠᠵᠢᠮ ᠢᠶᠠᠷ ᠨᠠᠭᠠᠰᠢᠯᠠᠨ᠎ᠠ᠃ ᠠᠵᠢᠯᠳᠠᠨ ᠤ | ᠠᠮᠠ ᠨᠢ ᠠᠩᠭᠠᠯᠵᠠᠬᠤ ᠠᠴᠠ ᠪᠢᠰᠢ ᠦᠭᠡ ᠨᠢ ᠢᠯᠭᠠᠪᠤᠷᠢ ᠦᠭᠡᠢ᠃ ᠠᠶᠠᠨᠴᠢᠳ ᠤᠨ ᠦᠢᠮᠡᠭᠡᠨ ᠨᠠᠷᠬᠢᠶᠠᠨ ᠳᠤ | ᠨᠢᠭᠡᠮᠦᠰᠦᠨ ᠲᠠᠷᠤᠭᠳᠠᠵᠤ ᠪᠠᠶᠢᠯ᠎ᠠ᠃ ᠪᠠᠷᠠᠭᠠᠨ ᠤ ᠬᠢᠨᠢ ᠦᠨ᠎ᠡ ᠲᠠᠢ ᠭᠡᠳᠡᠭ ᠨᠢ ᠭᠡᠷᠡᠭ᠃ ᠲᠡᠭᠷᠢ ᠶᠢᠨ ᠬᠠᠩᠰᠢ | ᠭᠡᠪᠡᠯ ᠨᠢᠭᠡ ᠯᠡ ᠦᠭᠡ᠃ ᠨᠢᠭᠡ ᠯᠤᠩᠬᠤ ᠤᠰᠤ ᠵᠠᠬ᠎ᠠ ᠳᠤ ᠬᠤᠶᠠᠷ ᠲᠦᠬᠦᠷᠢᠭ ᠪᠤᠯ ᠠᠳᠡ ᠲᠦᠷᠪᠡᠨ ᠲᠦᠬᠦᠷᠢᠭ᠃ | ᠭᠡᠯᠡᠯᠴᠡᠭᠡ ᠦᠭᠡᠢ ᠲᠦᠷᠪᠡᠨ ᠲᠦᠬᠦᠷᠢᠭ᠂ ᠠᠪᠤᠪᠠᠯ ᠠᠪ᠂ ᠠᠪᠬᠤ ᠦᠭᠡᠢ ᠪᠤᠯ ᠪᠠᠶᠢᠭ ᠭᠡᠰᠡᠨ ᠰᠡᠭᠡᠷ ᠲᠠᠢ᠃ | ᠵᠠᠷᠢᠮ ᠨᠢ ᠪᠤᠰᠤᠳ ᠢ ᠲᠠᠭᠤᠷᠢᠶᠠᠵᠤ ᠠᠪᠤᠭᠠᠳ ᠢᠳᠡᠵᠦ ᠤᠤᠭᠤᠳᠠᠭ᠂ ᠪᠢ ᠪᠠᠰᠠ ᠠᠳᠠᠯᠢᠬᠠᠨ ᠠᠪᠴᠦ ᠲᠠᠶᠢᠯᠦ᠋ᠨᠡ | ᠭᠡᠰᠡᠨ ᠰᠢᠭ᠃ ᠬᠤᠭᠤᠷᠤᠨᠳᠤ ᠪᠠᠨ ᠭᠡᠳᠦ᠋ᠪᠡᠷ ᠲᠠᠨᠢᠯᠴᠠᠬᠤ ᠦᠭᠡᠢ ᠪᠤᠯᠪᠠᠴᠤ᠃ ᠨᠢᠭᠤᠷ ᠭᠡᠳᠡᠭ ᠶᠠᠭᠤᠮ᠎ᠠ ᠡᠶᠢᠮᠦ | ᠰᠢᠦ ᠪᠠᠶᠢᠳᠠᠯ ᠲᠠᠢ ᠶᠠᠭᠤᠮ᠎ᠠ᠃ ᠢᠪ ᠢᠯᠡᠭᠡᠨ ᠬᠦᠮᠦᠨ ᠳᠤ ᠲᠠᠷᠤᠭᠳᠠᠬᠤ ᠪᠠᠨ ᠮᠡᠳᠡᠵᠦ ᠪᠠᠶᠢᠪᠠᠴᠤ ᠰᠢᠳᠦ ᠪᠠᠨ | ᠵᠠᠭᠤᠭᠠᠳ ᠮᠡᠳᠭᠡᠨᠡ᠃ ᠨᠠᠭᠠᠳᠤ ᠵᠠᠬ᠎ᠠ ᠳᠠᠭᠠᠨ ᠨᠢᠭᠤᠷ ᠢᠶᠠᠨ ᠭᠡᠭᠡᠬᠦ ᠦᠭᠡᠢ᠂ ᠨᠢᠭᠤᠷ ᠢᠶᠠᠨ ᠠᠪᠴᠤ ᠭᠠᠷᠤᠨ᠎ᠠ | ᠭᠡᠳ ᠮᠡᠳᠭᠡᠨᠡ᠃ ᠡᠨᠡ ᠪᠤᠯ ᠬᠦᠮᠦᠨ ᠤ ᠨᠡᠷᠡᠯᠭᠡᠭ ᠵᠠᠩ᠃ ᠨᠡᠷ᠎ᠡ ᠨᠢᠭᠤᠷ ᠲᠤ ᠲᠤᠷᠠᠳᠠᠢ ᠭᠡᠵᠦ ᠭᠠᠯᠰᠠᠩ ᠰᠠᠨᠠᠨ᠎ᠠ᠃ | ᠬᠠᠷᠢᠨ ᠵᠠᠷᠢᠮ ᠨᠢ ᠠᠪᠴᠤ ᠲᠡᠶᠢᠯᠬᠦ ᠪᠤᠯᠪᠠᠴᠤ ᠪᠡᠶ᠎ᠡ ᠪᠠᠨ ᠪᠠᠷᠢᠭᠠᠳ ᠬᠦᠳᠡᠯᠬᠦ ᠦᠭᠡᠢ᠂ ᠪᠠᠰᠠ ᠵᠠᠷᠢᠮ ᠨᠢ ᠦᠨᠡᠨ | ᠬᠦ ᠦᠯᠦ᠋ᠰᠴᠦ ᠤᠮᠳᠠᠭᠠᠰᠴᠤ ᠪᠠᠶᠢᠪᠠᠴᠤ ᠮᠦᠩᠬᠦ ᠪᠠᠨ ᠬᠠᠶᠢᠷᠠᠯᠠᠭᠠᠳ ᠠᠪᠬᠤ ᠦᠭᠡᠢ᠂ ᠬᠠᠶᠠ ᠵᠠᠷᠢᠮ ᠨᠢ | ᠪᠤᠰᠤᠳ ᠲᠤ ᠴᠢᠳᠠᠯ ᠲᠠᠢ ᠪᠠᠨ ᠦᠵᠡᠬᠦᠯᠬᠦ ᠶᠢᠨ ᠲᠦᠯᠦ᠋ᠭᠡ ᠵᠤᠷᠢᠭᠤᠳᠠ ᠦᠨᠡᠳᠡᠢ ᠶᠢ ᠨᠢ ᠰᠠᠶᠢᠨ ᠢ ᠨᠢ ᠲᠡᠮᠳᠡᠷᠢᠨᠡ | ᠃ ᠲᠠᠨᠢᠬᠤ ᠦᠭᠡᠢ ᠬᠦᠮᠦᠨ ᠤ ᠡᠮᠦᠨ᠎ᠡ ᠪᠤᠯᠪᠠᠴᠤ ᠦᠩᠭᠡ ᠲᠠᠢ ᠮᠢᠨᠳᠠᠭ ᠲᠠᠢ ᠲᠦᠷᠢᠯᠡᠨᠡ᠃ | ᠭᠠᠯᠰᠠᠩ ᠡᠪᠦᠭᠡᠨ ᠡᠨᠡ ᠤᠳᠠᠭ᠎ᠠ ᠬᠤᠯᠠ ᠠᠶᠠᠯᠠᠭ᠎ᠠ ᠦᠭᠡᠢ᠃ ᠭᠡᠳᠦ᠋ᠪᠡᠷ ᠡᠨᠡ ᠤᠳᠠᠭ᠎ᠠ ᠲᠦᠷᠦᠬᠦᠦ ᠤᠳᠠᠭ᠎ᠠ | ᠪᠤᠯᠤᠯ᠎ᠠ ᠭᠡᠳ᠃ ᠭᠠᠯᠰᠠᠩ ᠮᠤᠵᠢᠭᠤᠳᠠᠯᠠᠭᠠᠳ ᠵᠦᠪᠭᠡᠨ ᠭᠠᠵᠠᠷ ᠤᠨ ᠲᠡᠰ ᠤᠨ ᠬᠤᠳᠠ ᠪᠠᠷ ᠲᠤᠭᠤᠷᠢᠪᠠᠯ | ᠪᠤᠯᠴᠢᠬᠠᠨ᠎ᠠ ᠭᠡᠪᠡ᠃ ᠭᠠᠯᠰᠠᠩ ᠡᠪᠦᠭᠡᠨ ᠤ ᠵᠦᠷᠢᠬᠦᠦ ᠡᠰᠢᠯᠡᠭᠰᠡᠨ ᠰᠦᠭᠡ ᠭᠡᠰᠡᠨ ᠢ ᠶᠠᠪᠤᠯᠴᠠᠳᠠᠭ ᠬᠦᠮᠦᠨ ᠨᠢ ᠪᠦᠷ | ᠮᠡᠳᠡᠨ᠎ᠡ᠃ ᠨᠢᠭᠡ ᠯᠡ ᠦᠭᠡ ᠵᠦᠷᠢᠪᠡᠯ ᠮᠡᠳᠡᠭᠳᠡᠴᠢᠭᠡᠬᠦ ᠭᠡᠴᠡᠬᠦᠦ ᠵᠦᠷᠢᠬᠦᠦ ᠡᠪᠦᠭᠡᠨ ᠪᠤᠯ ᠭᠠᠯᠰᠠᠩ᠃ ᠲᠠᠪᠢ | ᠭᠠᠷᠤᠭᠰᠠᠨ ᠴᠦ ᠵᠠᠯᠭᠠᠭᠠᠳ ᠲᠦᠷᠦᠵᠦ ᠪᠠᠶᠢᠳᠠᠯ᠎ᠠ ᠦᠷᠡᠵᠢᠯ ᠢ ᠲᠠᠰᠤᠯᠬᠤ ᠮᠡᠰᠡ ᠵᠠᠰᠠᠯ ᠵᠠᠪᠠᠯ ᠬᠢᠬᠦ ᠪᠤᠯᠤᠭᠠᠳ | ᠪᠦᠰᠡᠬᠦᠢ ᠨᠢ ᠰᠠᠶ᠋ᠢ ᠲᠦᠷᠦᠬᠦ ᠪᠠᠨ ᠪᠤᠯᠢᠪᠠ᠃ ᠡᠬᠦᠷ ᠲᠦᠬᠦᠷᠡᠩ ᠦᠨᠳᠡᠭᠡᠨ ᠲᠡᠭᠡᠷ᠎ᠡ ᠪᠠᠨ ᠦᠪᠦᠯᠵᠡᠬᠦ ᠡᠮᠡᠭᠴᠢᠨ | ᠲᠠᠬᠢᠶ᠎ᠠ ᠰᠢᠭ ᠠᠮᠢᠳᠤᠷᠠᠯ ᠳᠤᠨᠢ ᠦᠨᠳᠡᠭᠡᠨ ᠠᠴᠠ ᠤᠨᠳᠤᠤ ᠦᠪ ᠬᠦᠷᠦᠩᠭᠡ ᠪᠠᠶᠢᠬᠤ ᠦᠭᠡᠢ ᠶᠢ ᠰᠠᠶ᠋ᠢ | ᠤᠪᠠᠶᠢᠯᠠᠭᠰᠠᠨ ᠰᠢᠭ ᠪᠤᠯᠵᠤ ᠰᠤᠴᠢᠰᠭᠢᠵᠡᠢ᠃ ᠡᠷ᠎ᠡ ᠨᠢ ᠡᠷᠡᠭᠴᠢᠨ ᠲᠠᠬᠢᠶ᠎ᠠ ᠰᠢᠭ ᠬᠦᠷᠢᠶ᠎ᠡ ᠬᠠᠰᠢᠶ᠎ᠠ ᠪᠠᠷ | ᠲᠡᠨᠦᠬᠦ ᠠᠴᠠ ᠦᠭᠡᠷ᠎ᠡ᠃ ᠲᠡᠳᠡ ᠭᠡᠳᠦ᠋ᠪᠡᠷ ᠡᠷᠳᠡᠮ ᠮᠡᠳᠡᠯᠭᠡ ᠲᠦᠷᠦᠬᠦᠦ ᠪᠠᠶᠠᠨ᠂ ᠦᠷ᠎ᠡ ᠭᠡᠦᠭᠡᠳ ᠬᠤᠶᠠᠳᠤᠭᠠᠷ | ᠪᠠᠶᠠᠨ᠂ ᠡᠳ᠋ ᠮᠦᠩᠬᠦ ᠠᠳᠠᠭ ᠪᠠᠶᠠᠨ ᠭᠡᠵᠤ ᠰᠤᠨᠤᠰᠴᠤ ᠪᠠᠶᠢᠭᠰᠠᠨ ᠴᠦ ᠪᠠᠭᠠᠨ ᠭᠡᠳᠦᠷᠡᠬᠦᠯᠦ᠋ᠭᠰᠡᠨ ᠢᠶᠠᠨ | ᠤᠶᠢᠯᠠᠭᠠᠵᠠᠢ᠃ ᠲᠡᠭᠡᠭᠡᠳ ᠶᠠᠭᠠᠬᠢᠶ᠎ᠠ ᠨᠢᠭᠡ ᠭᠡᠳᠦ ᠶᠢ ᠨᠢ ᠪᠢᠴᠢᠭ ᠲᠠᠢ ᠬᠦᠮᠦᠨ ᠪᠤᠯᠭᠠᠨ᠎ᠠ ᠭᠡᠵᠤ ᠵᠢᠳᠬᠦᠵᠦ | ᠦᠵᠡᠭᠡᠳ ᠠᠮᠵᠢᠯᠳᠠ ᠤᠯᠵᠠᠢ᠃ ᠶᠠᠳᠠᠭᠤ ᠭᠡᠷ ᠤᠨ ᠭᠡᠦᠭᠡᠳ ᠡᠷᠳᠡ ᠲᠤᠮᠤᠭᠠᠵᠢᠨᠠ ᠭᠡᠳᠡᠭ ᠢᠶᠠᠷ ᠪᠤᠯᠵᠤ ᠭᠡᠳᠦᠨ | ᠭᠡᠦᠭᠡᠳ ᠨᠢ ᠪᠢᠴᠢᠭ ᠨᠤᠮ ᠰᠠᠶᠢᠨ ᠰᠤᠷᠤᠭᠠᠳ ᠠᠯᠤᠰ ᠬᠤᠳᠠ ᠳᠤ ᠠᠯᠪᠠᠳᠠᠨ ᠪᠤᠯᠵᠠᠢ᠃ | ᠬᠤᠷᠢᠶᠠᠯᠳᠠ ᠶᠢ ᠨᠡᠮᠡᠭᠳᠡᠬᠦᠯᠬᠦ ᠶᠢᠨ ᠲᠦᠯᠦ᠋ᠭᠡ ᠲᠡᠷᠡ ᠵᠢᠯ ᠲᠠᠯ᠎ᠠ ᠭᠠᠵᠠᠷ ᠢ ᠨᠡᠭᠡᠭᠡᠬᠦ ᠪᠠᠷ ᠵᠦᠪᠯᠡᠪᠡ᠃ | ᠤᠴᠢᠷ ᠨᠢ ᠵᠢᠯ ᠵᠢᠯ ᠤᠯᠠᠶᠢᠮ᠎ᠠ ᠭᠠᠩ ᠪᠤᠯᠵᠤ ᠪᠠᠶᠢᠪᠠ᠃ ᠡᠨᠡ ᠵᠢᠯ ᠵᠠᠯᠭᠠᠭᠠᠳ ᠵᠤ ᠭᠠᠵᠠᠷ ᠲᠠᠷᠢᠪᠠᠯ ᠯᠠᠪᠳᠠᠢ | ᠡᠯᠪᠡᠭ ᠬᠤᠷᠢᠶᠠᠨ᠎ᠠ ᠭᠡᠵᠤ ᠭᠠᠯᠰᠠᠩ ᠵᠦᠷᠢᠬᠦᠳᠯᠡᠪᠡ᠃ ᠦᠶ᠎ᠡ ᠬᠤᠷᠠᠭᠴᠤᠤᠯ ᠨᠢ ᠭᠠᠯᠰᠠᠩ ᠤᠨ ᠵᠦᠷᠢᠬᠦᠦ ᠨᠢ | ᠪᠠᠰᠠ ᠬᠦᠳᠡᠯᠵᠡᠢ ᠭᠡᠵᠡᠭᠡᠪᠡ᠃ ᠭᠡᠳᠡᠯ᠎ᠡ ᠲᠡᠷᠡ ᠵᠢᠯ ᠬᠤᠷ᠎ᠠ ᠪᠤᠷᠤᠭᠠᠨ ᠶᠡᠭᠡᠳᠡᠢ ᠵᠢᠯ ᠪᠤᠯᠵᠤ ᠲᠠᠯ᠎ᠠ ᠶᠢᠨ ᠲᠠᠷᠢᠶ᠎ᠠ | ᠤᠰᠤᠳᠤᠭᠠᠳ ᠮᠠᠩᠬᠠᠨ ᠲᠠᠷᠢᠶ᠎ᠠ ᠲᠡᠯᠪᠡ ᠲᠦᠷᠦᠪᠡ᠃ ᠪᠤᠰᠤᠳ ᠪᠠᠷᠢᠭᠠᠳᠠ ᠶᠢᠨ ᠬᠢᠨ ᠴᠦ ᠮᠠᠩᠬᠠᠨ ᠲᠠᠷᠢᠶ᠎ᠠ ᠪᠠᠨ | ᠲᠠᠷᠢᠭᠰᠠᠨ ᠨᠢ ᠦᠨᠡᠭᠡᠷ ᠴᠦ ᠲᠠᠭᠠᠭᠠ ᠶᠠᠳᠠᠳᠠᠯ᠎ᠠ ᠡᠯᠪᠡᠭ ᠬᠤᠷᠢᠶᠠᠯ᠎ᠠ᠃ ᠲᠡᠭᠡᠭᠡᠳ ᠪᠠᠷᠢᠭᠠᠳᠠ ᠶᠢᠨ ᠦᠭᠡᠷ ᠲᠡᠷᠭᠡ | ᠮᠤᠷᠢᠨ ᠲᠡᠷᠭᠡ ᠪᠠᠷ ᠴᠠᠭᠠᠨ ᠬᠢᠷᠠᠭᠤ ᠤᠨᠠᠳᠠᠯ᠎ᠠ ᠲᠡᠷᠢᠶ᠎ᠡ ᠪᠠᠨ ᠲᠡᠭᠡᠭᠡᠵᠦ ᠤᠷᠤᠭᠤᠯᠪᠠ᠃ ᠬᠦᠯᠦ᠋ᠰᠢᠨ ᠦᠭᠡᠷ | ᠮᠤᠷᠢᠳ ᠨᠢ ᠬᠦᠵᠦᠬᠦᠦ ᠪᠠᠨ ᠭᠤᠷᠳᠦ᠋ᠢᠳᠠᠯᠠ ᠲᠡᠷᠭᠡ ᠴᠢᠩᠭᠠᠭᠠᠪᠠ᠃ ᠠᠭᠤᠯᠠ ᠭᠠᠷᠳᠠᠯ᠎ᠠ ᠲᠠᠷᠢᠶ᠎ᠠ ᠲᠡᠭᠡᠭᠡᠭᠰᠡᠨ | ᠦᠭᠡᠷ ᠲᠡᠷᠭᠡ ᠮᠤᠷᠢᠨ ᠲᠡᠷᠭᠡ ᠶᠠᠩᠰᠢᠯᠳᠠᠩ ᠤᠨ ᠲᠡᠪᠠᠭᠠᠨ ᠲᠡᠭᠡᠷ᠎ᠡ ᠭᠡᠳᠦ᠋ᠴᠢᠨᠡᠭᠡᠨ ᠲᠤᠷᠴᠤ ᠪᠠᠶᠢᠪᠠ︖ ᠠᠷᠭ᠎ᠠ | ᠦᠭᠡᠢ ᠪᠤᠯ ᠶᠠᠩᠰᠢᠯᠳᠠᠩ ᠤᠨ ᠲᠠᠪᠠᠭᠠᠨ ᠲᠡᠭᠡᠷ᠎ᠡ ᠬᠤᠨᠤᠭᠯᠠᠵᠤ ᠮᠠᠷᠭᠠᠰᠢ ᠨᠢ ᠲᠠᠬᠢᠭᠠᠳ ᠠᠷᠭ᠎ᠠ ᠵᠦᠪᠳᠡᠨᠡ᠃ | ᠲᠦᠷᠪᠡ ᠬᠦᠯᠦ᠋ᠭᠰᠡᠨ ᠦᠭᠡᠷ ᠮᠤᠷᠢᠨ ᠲᠡᠷᠭᠡ ᠬᠦᠨᠳᠦ ᠠᠴᠢᠶ᠎ᠠ ᠲᠠᠭᠠᠭᠠᠳᠠᠭ᠃ ᠬᠦᠯ ᠲᠡᠩᠨᠡᠭᠰᠡᠨ ᠮᠤᠷᠢᠨ ᠲᠡᠷᠭᠡ | ᠭᠡᠵᠤ ᠵᠢᠫᠦ᠋ ᠲᠡᠷᠭᠡ ᠦᠭᠡᠷ᠎ᠡ ᠦᠭᠡᠢ ᠵᠢᠷᠢᠯᠵᠡᠬᠦᠯᠦ᠋ᠭᠡᠳ᠃ ᠢᠯᠠᠩᠭᠤᠶ᠎ᠠ ᠲᠠᠯᠠᠪᠤᠷ ᠭᠠᠵᠠᠷ ᠤᠨ ᠰᠢᠷᠤᠢ ᠶᠢᠨ | ᠵᠠᠮ ᠢᠶᠠᠷ ᠵᠢᠷᠢᠯᠵᠡᠬᠦᠯᠬᠦ ᠶᠤᠮ ᠪᠤᠯ ᠁ ᠲᠠᠷᠪᠤᠰ ᠢᠳᠡᠭᠡᠳ ᠲᠡᠭᠡᠷ᠎ᠡ ᠠᠴᠠ ᠨᠢ ᠨᠢᠭᠡ ᠭᠠᠩᠰᠠ ᠲᠠᠮᠠᠬᠢ ᠲᠠᠳᠠᠬᠤ | ᠵᠢᠷᠭᠠᠯ ᠢ ᠭᠤᠸᠠᠩᠳᠦ᠋ᠩ ᠭᠠᠵᠠᠷ ᠤᠴᠢᠭᠠᠳ ᠨᠤᠶᠠᠨ ᠰᠠᠭᠤᠬᠤ ᠪᠠᠷ ᠰᠤᠯᠢᠬᠤ ᠦᠭᠡᠢ ᠭᠡᠵᠤ ᠮᠠᠨᠠᠶᠢᠬᠢᠨ | ᠲᠦᠷᠦᠭᠳᠡᠯ ᠢᠶᠠᠨ ᠭᠡᠯᠡᠳᠡᠭ ᠁ ᠲᠡᠷᠡ ᠨᠢ ᠪᠠᠷᠤᠭ ᠵᠤᠯ ᠵᠢᠷᠭᠠᠯ ᠢ ᠭᠡᠯᠡᠭᠰᠡᠨ ᠪᠠᠶᠢᠬ᠎ᠠ ᠡ᠃ | ᠵᠤᠯ ᠵᠢᠷᠭᠠᠯ ᠭᠡᠬᠦ ᠠᠴᠠ ᠭᠠᠯᠰᠠᠩ ᠡᠪᠦᠭᠡᠨ ᠪᠤᠯ ᠤᠳᠤ ᠪᠠᠶ᠎ᠡ ᠪᠠᠨ ᠵᠢᠷᠭᠠᠯ ᠲᠠᠢ ᠪᠠᠶᠢᠨ᠎ᠠ ᠭᠡᠵᠤ ᠪᠤᠳᠤᠨ᠎ᠠ᠃ | ᠵᠢᠷᠭᠠᠯ ᠭᠡᠳᠡᠭ ᠤᠨ ᠲᠤᠰ ᠪᠡᠶ᠎ᠡ ᠨᠢ ᠰᠡᠷᠡᠯ ᠲᠦᠷᠦᠭᠳᠡᠯ ᠶᠤᠮ ᠬᠤᠶᠢᠨ᠎ᠠ᠃ ᠭᠠᠯᠰᠠᠩ ᠡᠪᠦᠭᠡᠨ ᠤ ᠮᠡᠳᠡᠵᠦ | ᠪᠠᠶᠢᠬᠤ ᠪᠠᠷ ᠤᠳᠤ ᠭᠡᠯᠳᠦᠰᠭᠢᠪᠡᠯ ᠭᠡᠭᠡᠷ᠎ᠡ ᠬᠤᠨᠤᠳᠠᠭ᠂ ᠭᠡᠳᠡᠰᠦ ᠦᠯᠦ᠋ᠰᠳᠡᠭ ᠲᠡᠶᠢᠮᠦ ᠴᠠᠭ ᠦᠶ᠎ᠡ ᠪᠢᠰᠢ | ᠪᠤᠯᠤᠭᠰᠠᠨ᠃ ᠡᠨᠡ ᠴᠢᠨᠢ ᠵᠢᠷᠭᠠᠯ ᠭᠡᠵᠤ ᠪᠤᠳᠤᠨ᠎ᠠ᠃ ᠬᠦᠮᠦᠨ ᠬᠦᠮᠦᠨ ᠤ ᠵᠢᠷᠭᠠᠯ ᠤᠨᠳᠤᠤ ᠭᠡᠵᠤ ᠪᠤᠳᠤᠨ᠎ᠠ᠃ | ᠭᠡᠦᠭᠡᠳ ᠤᠨ ᠬᠢᠨᠢ ᠵᠢᠷᠭᠠᠯ ᠲᠡᠬᠦᠨ ᠤ ᠬᠢ ᠠᠴᠠ ᠤᠨᠳᠤᠤ ᠪᠦᠭᠡᠳ ᠤᠨᠳᠤᠤ ᠪᠠᠶᠢᠬᠤ ᠳᠠᠭᠠᠨ ᠰᠠᠶ᠋ᠢ ᠲᠠᠭᠠᠷᠠᠨ᠎ᠠ | ᠭᠡᠵᠤ ᠪᠤᠳᠤᠨ᠎ᠠ᠃ ᠭᠡᠦᠭᠡᠳ ᠨᠢ ᠵᠦᠪᠭᠡᠨ ᠢᠳᠡᠵᠦ ᠡᠮᠦᠰᠭᠦ ᠳᠡᠭᠡᠨ ᠰᠡᠳᠭᠢᠯ ᠬᠠᠩᠬᠤ ᠦᠭᠡᠢ ᠪᠠᠷ ᠨᠡᠩ ᠲᠡᠭᠡᠳᠦ | ᠭᠡᠮᠵᠢᠶᠡᠨ ᠤ ᠡᠳ᠋ ᠪᠠᠶᠠᠯᠢᠭ ᠢ ᠪᠦᠳᠦᠭᠡᠬᠦ ᠪᠠᠷ ᠵᠢᠷᠭᠠᠯ ᠢᠶᠠᠨ ᠪᠤᠯᠭᠠᠪᠠᠯ ᠵᠤᠬᠢᠬᠤ ᠰᠠᠨ ᠭᠡᠵᠤ ᠪᠤᠳᠤᠨ᠎ᠠ᠃ | ᠪᠠᠭ᠎ᠠ ᠳᠠᠭᠠᠨ ᠦᠯᠦ᠋ᠰᠴᠦ ᠲᠠᠭᠠᠷᠠᠵᠤ ᠪᠠᠶᠢᠭᠰᠠᠨ ᠵᠦᠢᠯ ᠨᠢ ᠭᠡᠳᠦ᠋ᠪᠡᠷ ᠭᠠᠶᠢᠬᠠᠭᠤᠯᠬᠤ ᠵᠦᠢᠯ ᠪᠢᠰᠢ ᠪᠤᠯᠪᠠᠴᠤ ᠵᠤᠯ | ᠵᠢᠷᠭᠠᠯ ᠢ ᠮᠡᠳᠡᠷᠡᠬᠦ ᠳᠤ ᠦᠵᠦᠬᠦᠷ ᠦᠭᠡᠢ ᠲᠤᠰᠠ ᠪᠤᠯᠤᠨ᠎ᠠ ᠭᠡᠵᠤ ᠪᠤᠳᠤᠨ᠎ᠠ᠃ ᠦᠭᠡᠷ᠎ᠡ ᠪᠠᠷ ᠭᠡᠯᠡᠪᠡᠯ ᠵᠤᠯ | ᠵᠢᠷᠭᠠᠯ ᠢ ᠰᠤᠬᠤᠷ ᠪᠠᠯᠠᠢ ᠪᠠᠷ ᠬᠦᠭᠡᠭᠡᠴᠡᠯᠳᠦᠬᠦ ᠦᠭᠡᠢ᠂ ᠰᠤᠬᠤᠷ ᠪᠠᠯᠠᠢ ᠪᠠᠷ ᠪᠤᠰᠤᠳ ᠢ ᠲᠠᠭᠠᠵᠤ ᠲᠡᠷᠪᠡᠬᠦ ᠦᠭᠡᠢ | ᠪᠠᠶᠢᠪᠠᠯ ᠴᠢᠳᠠᠨ᠎ᠠ ᠭᠡᠵᠤ ᠪᠤᠳᠤᠨ᠎ᠠ᠃ ᠵᠤᠭᠤᠰ ᠢᠶᠠᠷ ᠬᠤᠳᠠᠯᠳᠤᠵᠤ ᠠᠪᠴᠤ ᠲᠠᠶᠢᠯᠬᠦ ᠦᠭᠡᠢ ᠶᠠᠭᠤᠮ᠎ᠠ ᠶᠢ | ᠵᠤᠪᠠᠯᠠᠩ ᠢᠶᠠᠷ ᠢᠶᠠᠨ ᠵᠤᠯᠢᠶᠠᠰᠤᠯᠠᠵᠤ ᠠᠪᠴᠤ ᠴᠢᠳᠠᠵᠠᠢ ᠭᠡᠵᠤ ᠪᠤᠳᠤᠨ᠎ᠠ᠃ | ᠡᠪᠦᠭᠡᠨ ᠡᠮᠡᠭᠡᠨ ᠬᠤᠶᠠᠭᠤᠯᠠ ᠶᠢ ᠲᠤᠮᠳᠠ ᠲᠡᠰ ᠤᠨ ᠵᠤᠴᠢᠳ ᠪᠠᠭᠤᠳᠠᠯ ᠳᠤ ᠪᠠᠭᠤᠯᠭᠠᠪᠠ᠃ ᠰᠠᠶᠢᠨ ᠳᠤᠨᠢ | ᠪᠠᠭᠤᠬᠤ ᠦᠭᠡᠢ ᠭᠡᠬᠦ ᠳᠤ ᠲᠡᠭᠡᠪᠡᠯ ᠮᠠᠭᠤ ᠳᠤᠨᠢ ᠨᠡᠩ ᠪᠠᠭᠤᠵᠤ ᠪᠤᠯᠬᠤ ᠦᠭᠡᠢ ᠭᠡᠳ ᠬᠤᠶᠠᠳᠤᠭᠠᠷ ᠬᠦᠦ ᠨᠢ | ᠭᠡᠷᠡᠯᠳᠦᠵᠦ ᠪᠠᠶᠢᠭᠠᠳ ᠪᠤᠳᠤᠭᠰᠠᠨ ᠢᠶᠠᠷ ᠢᠶᠠᠨ ᠪᠤᠯᠭᠠᠪᠠ᠃ ᠡᠪ ᠡᠯᠡᠭᠡᠨ ᠪᠠᠶᠢᠵᠤ ᠪᠠᠶᠢᠭᠰᠠᠭᠠᠷ ᠡᠶᠢᠮᠦ ᠭᠠᠵᠠᠷ | ᠢᠷᠡᠵᠦ ᠮᠦᠩᠬᠦ ᠪᠠᠨ ᠦᠷᠡᠵᠦ ᠪᠠᠶᠢᠨ᠎ᠠ ᠭᠡᠵᠤ ᠡᠪᠦᠭᠡᠨ ᠨᠢᠭᠡ ᠰᠦᠨᠢ ᠠᠮᠠ ᠬᠠᠮᠬᠢᠯ ᠦᠭᠡᠢ ᠶᠠᠩᠰᠢᠪᠠ᠃ | ᠦᠳᠡ ᠶᠢᠨ ᠡᠮᠦᠨ᠎ᠡ ᠨᠢ ᠬᠤᠳᠠ ᠶᠢᠨ ᠴᠡᠴᠡᠷᠯᠢᠭ ᠢᠶᠠᠷ ᠵᠤᠭᠠᠴᠠᠪᠠ᠃ ᠤᠩᠭᠤᠴᠠ ᠰᠡᠯᠢᠵᠤ ᠪᠠᠷᠠᠭᠠᠳ᠂ | ᠲᠤᠤᠷ ᠲᠤ ᠬᠤᠷᠢᠵᠤ ᠪᠠᠶᠢᠭ᠎ᠠ ᠪᠠᠭᠠᠪᠠᠭᠠᠢ᠂ ᠪᠠᠷᠰ ᠢ ᠦᠵᠡᠭᠰᠡᠨ ᠪᠦᠭᠡᠳ ᠵᠤᠬᠢᠶᠠᠮᠠᠯ ᠠᠭᠤᠯᠠᠨ ᠳᠤ ᠬᠤᠷᠢᠭᠳᠠᠵᠤ | ᠪᠦᠬᠦᠢ ᠦᠰᠦ ᠨᠤᠤᠰᠤ ᠨᠢ ᠰᠡᠭᠯᠡᠷᠡᠭᠰᠡᠨ ᠲᠤᠷᠠᠩᠬᠠᠢ ᠰᠠᠮᠵᠠ ᠨᠤᠭᠤᠳ ᠢ ᠦᠵᠡᠪᠡ᠃ ᠲᠠᠭᠳᠠᠭ᠎ᠠ ᠲᠡᠵᠢᠭᠡᠬᠦ | ᠪᠤᠯᠤᠭᠠᠳ ᠡᠪᠦᠭᠡᠨ ᠪᠠᠭᠠᠨ ᠤᠷᠰᠢᠭ ᠲᠠᠳᠠᠵᠠᠢ᠃ ᠡᠪᠦᠭᠡᠨ ᠵᠠᠪᠠᠯ ᠪᠡᠶ᠎ᠡ ᠳᠡᠭᠡᠨ ᠠᠪᠴᠤ ᠶᠠᠪᠤᠵᠤ ᠪᠠᠶᠢᠭ᠎ᠠ ᠬᠠᠭᠤᠷᠠᠢ | ᠪᠤᠳᠠᠭ᠎ᠠ ᠪᠠᠷ ᠢᠶᠠᠨ ᠲᠡᠵᠢᠭᠡᠭᠰᠡᠨ ᠳᠤ ᠠᠵᠢᠯᠳᠠᠨ ᠵᠠᠪᠠᠯ ᠮᠦᠩᠬᠦ ᠪᠠᠷ ᠲᠤᠷᠭᠠᠨ᠎ᠠ ᠭᠡᠪᠡ᠃ ᠭᠡᠷᠪᠡ ᠠᠵᠢᠯᠳᠠᠨ ᠤ | ᠭᠠᠷ ᠲᠠᠬᠢ ᠲᠠᠭᠳᠠᠭ᠎ᠠ ᠲᠡᠵᠢᠭᠡᠬᠦ ᠲᠤᠰᠬᠠᠢ ᠪᠤᠷᠳᠤᠭ᠎ᠠ ᠪᠠᠷ ᠲᠠᠵᠢᠭᠡᠭᠰᠡᠨ ᠪᠤᠯ ᠡᠶᠢᠮᠦ ᠶᠠᠪᠤᠳᠠᠯ ᠭᠠᠷᠬᠤ ᠦᠭᠡᠢ | ᠪᠠᠶᠢᠯ᠎ᠠ᠃ ᠠᠵᠢᠯᠳᠠᠨ ᠡᠪᠦᠭᠡᠨ ᠢ ᠠᠶᠤᠯᠭᠠᠵᠤ ᠴᠡᠴᠡᠷᠯᠢᠭ ᠤᠨ ᠬᠠᠮᠢᠶᠠᠷᠤᠯᠳᠠ ᠶᠢᠨ ᠭᠠᠵᠠᠷ ᠵᠠᠭᠠᠯᠳᠤᠨ᠎ᠠ ᠭᠡᠪᠡ᠃ | ᠡᠪᠦᠭᠡᠨ ᠵᠦᠭᠡᠯᠡᠷᠡᠵᠦ ᠮᠦᠩᠬᠦ ᠪᠠᠨ ᠲᠦᠯᠦ᠋ᠭᠰᠡᠨ ᠪᠤᠯᠪᠠᠴᠤ ᠲᠤᠳᠤᠷ᠎ᠠ ᠪᠠᠨ ᠶᠠᠭ ᠲᠤᠭᠤᠭᠰᠠᠨ ᠦᠭᠡᠢ᠃ | ᠵᠠᠯᠠᠭᠤ ᠳᠠᠭᠠᠨ ᠡᠪᠦᠭᠡᠨ ᠪᠠᠷᠢᠭᠠᠳᠠ ᠶᠢᠨ ᠲᠠᠷᠤᠭ᠎ᠠ ᠪᠠᠨ ᠭᠡᠳᠦᠢ ᠤᠳᠠᠭ᠎ᠠ ᠵᠦᠷᠢᠬᠦᠯᠦ᠋ᠭᠰᠡᠨ ᠪᠤᠯ ᠲᠡᠳᠦᠢ ᠤᠳᠠᠭ᠎ᠠ | ᠭᠡᠢ ᠢᠳᠡᠭᠰᠡᠨ ᠦᠩᠭᠡᠷᠡᠯᠳᠡ ᠲᠠᠢ ᠬᠦᠮᠦᠨ᠃ ᠶᠡᠭᠡ ᠦᠬᠢᠨ ᠨᠢ ᠠᠷᠠᠳ ᠠᠴᠠ ᠡᠷᠬᠢᠯᠡᠭᠰᠡᠨ ᠪᠠᠭᠰᠢ ᠶᠢᠨ | ᠰᠢᠯᠭᠠᠯᠳᠠ ᠳᠤ ᠤᠷᠤᠬᠤ ᠬᠢᠷᠢ ᠭᠡᠮ ᠢᠶᠠᠨ ᠠᠯᠳᠠᠭᠠᠳ ᠨᠢᠭᠡ ᠤᠳᠠᠭ᠎ᠠ᠂ ᠲᠠᠷᠢᠶ᠎ᠠ ᠬᠤᠪᠢᠶᠠᠬᠤ ᠳᠤ ᠪᠤᠰᠤᠳ ᠠᠴᠠ | ᠢᠯᠡᠬᠦᠦ ᠬᠤᠵᠢᠷᠯᠢᠭ ᠭᠠᠵᠠᠷ ᠬᠤᠪᠢᠶᠠᠵᠤ ᠤᠯᠤᠭᠠᠳ ᠪᠠᠰᠠ ᠨᠢᠭᠡ ᠤᠳᠠᠭ᠎ᠠ᠂ ᠮᠤᠷᠢᠨ ᠲᠡᠷᠭᠡᠴᠢᠨ ᠤ ᠠᠵᠢᠯ ᠢᠶᠠᠨ | ᠪᠤᠰᠤᠳ ᠲᠤ ᠪᠤᠯᠢᠶᠠᠭᠳᠠᠭᠠᠳ ᠪᠠᠰᠠ ᠨᠢᠭᠡ ᠤᠳᠠᠭ᠎ᠠ᠂ ᠲᠠᠷᠢᠶᠠᠨ ᠲᠤᠪᠤ ᠰᠠᠬᠢᠬᠤ ᠡᠭᠡᠯᠵᠢᠨ ᠳᠤ ᠪᠤᠰᠤᠳ ᠠᠴᠠ | ᠢᠯᠡᠬᠦᠦ ᠭᠡᠭᠡᠷ᠎ᠡ ᠬᠤᠨᠤᠭᠠᠳ ᠮᠥᠨ ᠨᠢᠭᠡ ᠤᠳᠠᠭ᠎ᠠ ᠁ |