2 ᠲᠦᠮᠡ ᠰᠢᠬᠠᠮ ᠣᠯᠣᠩ ᠣᠶᠣᠵᠤ ᠪᠣᠷᠣᠯᠠᠭᠤᠯᠤᠭᠰᠠᠨ ᠮᠠᠯᠴᠢᠨ ᠡᠵᠢ
ᠨᠡᠶᠢᠲᠡᠯᠡᠭᠰᠡᠨ ᠴᠠᠭ᠄
2023/4/11
    ᠠᠯᠲᠠᠨᠴᠡᠴᠡᠭ ᠨᠠᠰᠤᠲᠠᠨ ᠪᠣᠯ ᠪᠠᠷᠠᠭᠤᠨ ᠦᠵᠦᠮᠦᠴᠢᠨ ᠬᠤᠰᠢᠭᠤᠨ ᠤ ᠤᠯᠠᠭᠠᠨᠬᠠᠭᠠᠯᠭ᠎ᠠ ᠰᠤᠮᠤᠨ ᠤ ᠪᠠᠶᠠᠨᠨᠠᠭᠤᠷ ᠭᠠᠴᠠᠭᠠᠨ ᠤ ᠤᠤᠭᠠᠯ᠃ 70 ᠨᠠᠰᠤ ᠶᠢ ᠳᠥᠬᠦᠵᠦ ᠶᠠᠪᠤᠭ᠎ᠠ ᠡᠨᠡ ᠨᠠᠰᠤᠲᠠᠨ ᠪᠠᠭ᠎ᠠ ᠠᠴᠠ ᠪᠠᠨ ᠬᠢᠯᠭᠠᠰᠤ ᠲᠠᠮᠤᠵᠤ ᠰᠤᠷᠤᠨ ᠣᠶᠣᠳᠠᠯ ᠬᠢᠳᠡᠯ ᠳᠤ ᠣᠷᠣᠭᠰᠠᠨ ᠢᠶᠠᠨ ᠣᠳᠣ ᠪᠤᠯᠲᠠᠯ᠎ᠠ ᠮᠥᠨ ᠯᠠ ᠬᠢᠯᠭᠠᠰᠤ ᠨᠣᠣᠯᠣᠭᠤᠷ ᠢᠶᠠᠷ ᠣᠯᠣᠩ ᠣᠭᠤᠰᠣᠷ ᠲᠠᠮᠤᠵᠤ᠂ ᠨᠢᠭᠡᠨᠲᠡ 19000 ᠣᠯᠣᠩ ᠣᠶᠣᠵᠤ ᠪᠣᠷᠣᠯᠠᠭᠤᠯᠤᠭᠰᠠᠨ ᠭᠡᠳᠡᠭ ᠢ ᠰᠣᠷᠪᠤᠯᠵᠢᠯᠠᠭ᠎ᠠ ᠶᠢᠨ ᠳᠤᠮᠳᠠ ᠪᠠᠨ ᠣᠶᠢᠯᠠᠭᠠᠭᠰᠠᠨ ᠶᠤᠮ᠃    ᠠᠯᠲᠠᠨᠴᠡᠴᠡᠭ ᠨᠠᠰᠤᠲᠠᠨ ᠠᠳᠤᠭᠤᠨ ᠤ ᠳᠡᠯ ᠰᠡᠭᠦᠯ᠂ ᠲᠡᠮᠡᠭᠡᠨ ᠤ ᠤᠩᠭᠠᠰᠤ ᠵᠡᠷᠭᠡ ᠢᠢ ᠬᠥᠳᠡᠭᠡ ᠠᠴᠠ ᠬᠤᠳᠠᠯᠳᠤᠨ ᠠᠪᠴᠤ ᠪᠡᠯᠡᠳᠬᠡᠵᠦ᠂ ᠲᠡᠮᠡᠭᠡᠨ ᠤᠩᠭᠠᠰᠤ ᠪᠠᠷ ᠢᠶᠠᠨ ᠤᠲᠠᠰᠤ ᠡᠭᠡᠷᠡᠬᠦ᠂ ᠬᠢᠯᠭᠠᠰᠤ ᠪᠠᠨ ᠤᠷᠠᠵᠤ ᠲᠦᠳᠡᠭᠯᠡᠵᠦ ᠬᠢᠯᠭᠠᠰᠤᠨ ᠳᠡᠭᠡᠰᠦ ᠲᠠᠮᠤᠬᠤ ᠵᠡᠷᠭᠡ ᠠᠵᠢᠯ ᠤᠳ ᠢ ᠠᠯᠬᠤᠮ ᠳᠠᠷᠠᠭ᠎ᠠ ᠲᠠᠢ ᠬᠢᠬᠦ ᠠᠴᠠ ᠭᠠᠳᠠᠨ᠎ᠠ ᠪᠠᠰᠠ ᠲᠡᠷᠯᠢᠭ ᠳᠡᠪᠡᠯ ᠣᠶᠣᠬᠤ᠂ ᠠᠷᠠᠰᠤ ᠰᠢᠷᠢ ᠢᠳᠡᠭᠡᠯᠡᠵᠦ ᠱᠡᠤᠯᠡᠬᠦ᠂ ᠡᠯᠳᠡᠵᠦ ᠤᠲᠤᠬᠤ ᠭᠡᠬᠦ ᠮᠡᠲᠦ ᠶᠢᠨ ᠠᠵᠢᠯ ᠢ ᠪᠦᠬᠦᠨ ᠢ ᠥᠪᠡᠷ ᠲᠡᠭᠡᠨ ᠬᠢᠳᠡᠭ᠃ ᠡᠭᠦᠨ ᠳᠤ ᠳᠡᠪᠡᠯ ᠲᠡᠷᠯᠢᠭ ᠡᠰᠬᠡᠵᠦ ᠣᠶᠣᠬᠤ᠂ ᠡᠮᠵᠢᠬᠦ᠂ ᠬᠠᠪᠤᠬᠤ᠂ ᠬᠦᠪᠦᠷᠢᠳᠬᠦ᠂ ᠱᠠᠭᠯᠠᠬᠤ ᠵᠡᠷᠭᠡ ᠢᠢ ᠵᠠᠯᠠᠭᠤ ᠬᠥᠮᠥᠰ ᠠᠴᠠ ᠳᠤᠲᠠᠭᠤ ᠦᠭᠡᠢ ᠬᠢᠳᠡᠭ ᠪᠢᠯᠡ᠃ ᠲᠡᠷᠡ ᠢᠰᠡᠭᠡᠢ ᠤᠷᠠᠯᠠᠯ ᠤᠨ ᠵᠦᠢᠯ ᠢ ᠴᠤ ᠰᠠᠶᠢᠬᠠᠨ ᠬᠢᠳᠡᠭ ᠪᠠᠶᠢᠵᠤ᠂ ᠰᠢᠷᠢᠳᠡᠭ ᠰᠢᠷᠢᠭᠦ᠂ ᠠᠶᠠᠭᠠᠨ ᠲᠠᠭᠠᠷᠴᠤᠭ᠂ ᠰᠠᠭᠤᠳᠠᠯ ᠤᠨ ᠳᠡᠪᠢᠰᠬᠡᠷ ᠵᠡᠷᠭᠡ ᠢᠰᠡᠭᠡᠢ ᠰᠢᠷᠢᠮᠡᠯ ᠤᠨ ᠲᠦᠷᠦᠯ ᠢ ᠬᠢᠵᠦ ᠤᠷᠠᠯᠠᠳᠠᠭ᠃ ︽ᠥᠪᠡᠷ ᠤᠨ ᠳᠤᠷ᠎ᠠ ᠪᠠᠭ᠋ᠠᠲᠠᠢ ᠠᠵᠢᠯ ᠢᠶᠠᠨ ᠦᠷᠭᠦᠯᠵᠢ ᠬᠢᠵᠦ ᠪᠠᠶᠢᠪᠠᠯ ᠪᠡᠶ᠎ᠡ ᠲᠡᠩᠬᠡᠭᠡ ᠤᠯᠠᠮ ᠰᠠᠶᠢᠵᠢᠷᠠᠵᠤ᠂ ᠤᠷᠮ᠎ᠠ ᠵᠣᠷᠢᠭ ᠬᠥᠭᠵᠢᠵᠦ᠂ ᠴᠤᠭ ᠵᠣᠯᠢ ᠨᠡᠮᠡᠭᠳᠡᠬᠦ ᠶᠤᠮ︾ ᠬᠡᠮᠡᠨ ᠠᠯᠲᠠᠨᠴᠡᠴᠡᠭ ᠨᠠᠰᠤᠲᠠᠨ ᠪᠠᠶᠠᠷ ᠲᠠᠢ ᠶᠠᠷᠢᠵᠤ ᠪᠠᠶᠢᠯ᠎ᠠ᠃   ︽ᠣᠯᠣᠩ ᠡᠵᠢ︾ ᠪᠣᠯ ᠭᠠᠷ ᠤᠷᠠᠨ ᠮᠥᠷᠲᠡᠭᠡᠨ ᠰᠢᠨ᠎ᠡ ᠶᠢ ᠡᠭᠦᠳᠬᠦ ᠰᠡᠳᠬᠢᠴᠡ ᠲᠠᠢ ᠨᠠᠰᠤᠳᠠᠨ ᠶᠤᠮ᠃ ᠲᠡᠭᠦᠨ ᠤ ᠭᠠᠷ ᠤᠷᠠᠯᠠᠯ ᠨᠢ ᠬᠢᠯᠭᠠᠰᠤᠨ ᠤᠷᠠᠯᠠᠯ ᠢᠶᠠᠷ ᠣᠨᠴᠠᠯᠢᠭᠳᠠᠵᠤ᠂ ᠣᠶᠣᠭᠰᠠᠨ ᠣᠯᠣᠩ ᠨᠢ ᠡᠷᠴᠢ ᠴᠢᠩᠭ᠎ᠠ᠂ ᠥᠩᠭᠡ ᠨᠢ ᠢᠯᠭᠤᠮ᠂ ᠨᠠᠷᠢᠨ ᠪᠦᠳᠦᠭᠦᠨ ᠨᠢ ᠵᠢᠭᠳᠡ ᠲᠡᠩᠴᠡᠭᠦᠬᠡᠨ᠂ ᠪᠥᠬᠡᠯᠢᠭ ᠪᠠᠶᠢᠳᠠᠭ ᠢᠶᠠᠷ ᠢᠶᠠᠨ ᠬᠤᠯᠠ ᠣᠶᠢᠷ᠎ᠠ ᠶᠢᠨ ᠬᠡᠷᠡᠭᠯᠡᠭᠴᠢᠳ ᠲᠤ ᠲᠠᠭᠠᠰᠢᠶᠠᠭᠳᠠᠵᠤ᠂ ᠭᠠᠳᠠᠨ᠎ᠠ ᠠᠶᠢᠮᠠᠭ ᠬᠤᠲᠠ ᠶᠢᠨ ᠬᠥᠮᠥᠰ ᠴᠤ ᠲᠤᠰᠬᠠᠢ ᠬᠠᠷᠢᠯᠴᠠᠵᠤ ᠪᠥᠭᠡᠮ ᠢᠶᠠᠷ ᠵᠠᠬᠢᠶᠠᠯᠠᠭ᠎ᠠ ᠠᠪᠳᠠᠭ᠃ ᠣᠳᠣ ᠪᠤᠯᠲᠠᠯ᠎ᠠ ᠠᠯᠲᠠᠨᠴᠡᠴᠡᠭ ᠡᠵᠢ ᠡᠮᠡᠭᠡᠯ ᠤᠨ ᠣᠯᠣᠩ 19000 ᠭᠠᠷᠤᠢ ᠢᠢ ᠣᠶᠣᠵᠤ ᠪᠣᠷᠣᠯᠠᠭᠤᠯᠤᠨ᠂ ᠡᠨᠡ ᠵᠢᠯ ᠪᠦᠬᠦᠯᠢ 20000 ᠳᠤ ᠬᠦᠷᠭᠡᠨ᠎ᠡ ᠭᠡᠵᠦ ᠤᠷᠮ᠎ᠠ ᠲᠠᠢ ᠶᠠᠷᠢᠵᠤ ᠪᠠᠶᠢᠯ᠎ᠠ᠃   ᠡᠳᠡᠭᠡᠷ ᠵᠢᠯ ᠤᠳ ᠲᠤ ᠠᠯᠲᠠᠨᠴᠡᠴᠡᠭ ᠡᠵᠢ ᠤᠯᠠᠨ ᠵᠦᠢᠯ ᠤᠨ ᠣᠶᠣᠳᠠᠯ ᠤᠷᠠᠯᠠᠯ ᠬᠢᠬᠦ ᠶᠢᠨ ᠳᠠᠭᠠᠤ ᠬᠤᠰᠢᠭᠤ ᠠᠶᠢᠮᠠᠭ ᠤᠨ ᠤᠯᠠᠨ ᠤᠷᠤᠯᠳᠤᠭᠠᠨ ᠲᠡᠮᠡᠴᠡᠭᠡᠨ ᠳᠤ ᠤᠷᠤᠯᠴᠠᠵᠤ᠂ ᠤᠯᠠᠨ ᠰᠠᠶᠢᠬᠠᠨ ᠱᠠᠩᠨᠠᠯ ᠬᠥᠬᠢᠭᠦᠯᠦᠯ ᠣᠯᠵᠤ ᠶᠠᠪᠤᠭ᠎ᠠ ᠪᠢᠯᠡ᠃ ᠲᠡᠷᠡ ᠤᠳᠤ ᠥᠪᠡᠷ ᠤᠨ ᠤᠯᠠᠮᠵᠢᠯᠠᠯᠲᠤ ᠭᠠᠷ ᠤᠷᠠᠯᠠᠯ ᠤᠨ ᠰᠣᠶᠣᠯ ᠢᠶᠠᠨ ᠬᠡᠦᠬᠡᠳ ᠳᠡᠭᠦᠦᠨᠡᠷ ᠲᠤ ᠪᠠᠨ ᠤᠯᠠᠮᠵᠢᠯᠠᠬᠤ ᠠᠵᠢᠯ ᠢ ᠴᠢᠬᠤᠯᠠᠴᠢᠯᠠᠵᠤ᠂ ᠵᠡᠭᠦᠨ ᠪᠠᠷᠠᠭᠤᠨ ᠦᠵᠦᠮᠦᠴᠢᠨ ᠤ ᠰᠤᠷᠭᠠᠭᠤᠯᠢ ᠪᠠᠷ ᠤᠷᠢᠭᠳᠠᠵᠤ ᠬᠢᠯᠭᠠᠰᠤᠨ ᠤᠷᠠᠯᠠᠯ᠂ ᠢᠰᠡᠭᠡᠢ ᠰᠢᠷᠢᠮᠡᠯ ᠪᠣᠯᠣᠨ ᠰᠢᠯᠪᠢ ᠬᠠᠳᠠᠬᠤ᠂ ᠳᠡᠭᠡᠰᠦ ᠲᠠᠮᠤᠬᠤ ᠵᠡᠷᠭᠡ ᠵᠠᠩ ᠦᠢᠯᠡ ᠶᠢᠨ ᠬᠢᠴᠢᠶᠡᠯ ᠬᠥᠮᠦᠵᠢᠯ ᠢ ᠬᠢᠵᠦ᠂ ᠮᠡᠯᠵᠢᠯ ᠰᠣᠶᠣᠯ ᠤᠨ ᠢᠶᠠᠨ ᠤᠯᠠᠮᠵᠢᠯᠠᠭᠴᠢ ᠪᠣᠯᠵᠤ ᠶᠠᠪᠤᠨ᠎ᠠ᠃
 
ᠢᠷᠡᠯᠲᠡ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号