ᠡᠵᠢ ᠶᠢ ᠪᠠᠨ ᠭᠠᠳᠠᠨ᠎ᠠ ᠠᠴᠠ ᠤᠷᠤᠵᠤ ᠢᠷᠡᠪᠡ ᠦᠦ ᠦᠭᠡᠢ ᠦᠦ ᠬᠦᠦ ᠪᠠᠶᠠᠷᠯᠠᠨ᠄ ︽ᠡᠵᠢ ᠡ᠂ ᠦᠨᠦᠳᠤᠷ | ᠮᠠᠨ ᠤ ᠴᠡᠴᠡᠷᠯᠢᠭ ᠲᠡᠭᠡᠷ᠎ᠡ ᠶᠠᠭᠤ ᠪᠤᠯᠤᠭᠰᠠᠨ ᠭᠡᠵᠤ ᠪᠤᠳᠤᠵᠤ ᠪᠠᠶᠢᠨ᠎ᠠ︖︾᠂ ︽ᠤᠳᠠᠰᠤ ᠪᠠᠷ ᠶᠠᠷᠢᠵᠤ | ᠪᠠᠶᠢᠭ᠎ᠠ ᠶᠢ ᠮᠢᠨᠢ ᠬᠠᠷᠠᠬᠤ ᠦᠭᠡᠢ ᠪᠠᠶᠢᠨ᠎ᠠ ᠦᠦ︖︾ ᠭᠡᠳ ᠯᠡ ᠡᠬᠢᠯᠡᠭᠦᠯᠪᠡ᠃ | ᠭᠦᠮᠦᠨ ᠪᠦᠷᠢ ᠶᠢᠨ ᠭᠢᠬᠦ ᠲᠤᠷᠠᠳᠠᠢ ᠵᠦᠢᠯ ᠦᠭᠡᠷ᠎ᠡ ᠦᠭᠡᠷ᠎ᠡ ᠪᠠᠶᠢᠳᠠᠭ᠃ ᠵᠢᠱᠢᠶ᠎ᠡ ᠨᠢ ᠡᠵᠢ ᠤᠳᠠᠰᠤ ᠪᠠᠷ | ᠶᠠᠷᠢᠬᠤ ᠲᠤᠷᠠᠳᠠᠢ᠂ ᠠᠪᠤ ᠨᠢ ᠮᠠᠰᠢᠨ ᠳᠤ ᠲᠤᠷᠠᠳᠠᠢ᠃ ᠤᠳᠠᠰᠤ᠂ ᠮᠠᠰᠢᠨ ᠤ ᠲᠤᠬᠠᠢ ᠶᠠᠷᠢᠶ᠎ᠠ ᠭᠠᠷᠬᠤ ᠳᠤ᠂ | ᠡᠭᠢᠯᠡᠳᠡᠭ ᠪᠦᠬᠦ ᠠᠵᠢᠯ ᠢ ᠬᠤᠶᠢᠰᠢᠯᠠᠭᠤᠯᠳᠠᠭ ᠪᠠᠶᠢᠯ᠎ᠠ᠃ ᠪᠠᠰᠠ ᠭᠡᠷ ᠲᠤ ᠵᠤᠴᠢᠨ ᠢᠷᠡᠬᠦ ᠪᠤᠯᠬᠤ ᠳᠤ ᠬᠦᠦ ᠶᠢ ᠭᠡᠨ | ᠴᠦ ᠲᠤᠭᠤᠳᠠᠭ ᠦᠭᠡᠢ᠃ ᠶᠠᠭᠠᠭᠢᠯᠳᠠᠢ ᠴᠦ ᠪᠢᠯᠡ︕ ᠡᠵᠢ ᠨᠢ ᠤᠳᠠᠰᠤ ᠪᠠᠨ ᠬᠠᠭᠠᠯ᠎ᠠ᠃ ᠬᠠᠷᠢᠨ ᠲᠠᠷᠠᠭ᠎ᠠ ᠨᠢ | ᠭᠠᠯ ᠵᠤᠤᠬᠠᠨ ᠠᠴᠠ ᠰᠠᠪᠠ ᠰᠠᠭᠤᠯᠠᠭ᠎ᠠ᠂ ᠬᠠᠯᠪᠠᠭ᠎ᠠ ᠰᠡᠷᠡᠭᠡᠨ ᠤ ᠴᠢᠮᠡᠭᠡ ᠬᠠᠩᠭᠢᠨᠠᠵᠤ ᠡᠭᠢᠯᠡᠪᠡ᠃ ᠭᠦᠦ | ᠡᠵᠢ ᠶᠢᠨ ᠢᠶᠠᠨ ᠲᠡᠷᠭᠡᠳᠡ ᠭᠦᠶᠦᠵᠤ ᠤᠴᠢᠭᠠᠳ ᠬᠠᠶᠢᠷ᠎ᠠ ᠭᠦᠷᠭᠡᠮᠡ ᠴᠢᠷᠠᠢ ᠭᠠᠷᠭᠠᠨ᠄ ︽ᠡᠵᠢ ᠲᠠᠨ ᠳᠤ | ᠲᠤᠰᠠᠯᠠᠬᠤ ᠦᠦ︖︾ ᠭᠡᠭᠦ ᠳᠤ ᠡᠵᠢ ᠨᠢ ᠶᠡᠭᠡ ᠯᠡ ᠨᠤᠬᠤᠴᠠᠳᠠᠢ ᠬᠠᠷᠠᠭᠰᠠᠨ ᠢᠶᠠᠨ᠄ ︽ᠵᠠ ᠬᠦ᠂ ᠴᠢ ᠴᠢᠨᠢ ᠶᠠᠮᠠᠷ | ᠭᠡᠷᠡᠭ ᠮᠠᠨᠳᠤᠭᠤᠯᠴᠢᠬᠠᠭᠠᠳ ᠡᠶᠢᠮᠤ ᠰᠠᠶᠢᠬᠠᠨ ᠴᠢᠷᠠᠢ ᠭᠠᠷᠭᠠᠭᠠᠳ ᠪᠠᠶᠢᠨ᠎ᠠ︖ ᠤᠳᠤ ᠴᠢᠮ᠎ᠠ ᠲᠠᠢ ᠵᠢᠭᠤᠷᠠᠯᠳᠤᠵᠤ | ᠪᠠᠶᠢᠬᠤ ᠴᠠᠭ ᠠᠯᠠᠭ᠎ᠠ᠂ ᠶᠠᠳᠠᠷᠠᠵᠤ ᠤᠨᠠᠯ᠎ᠠ︾ ᠭᠡᠯᠡ᠃ | ᠶᠠᠳᠠᠷᠠᠬᠤ ᠭᠡᠵᠤ ᠶᠠᠭᠤ ᠪᠤᠢ︖ ᠵᠠᠷᠢᠮ ᠳᠠᠭᠠᠨ ᠲᠤᠭᠯᠠᠵᠤ ᠪᠠᠶᠢᠭᠠᠳ ᠤᠨᠳᠠᠴᠢᠬᠠᠬᠤ ᠳᠤᠨᠢ ᠡᠮᠡᠭᠡ ᠨᠢ | ᠭᠠᠷ ᠠᠴᠠ ᠨᠢ ᠲᠤᠭᠯᠠᠭᠠᠮ ᠢ ᠨᠢ ᠡᠪᠳᠡᠶᠢᠭᠡᠨ ᠠᠪᠤᠭᠠᠳ ᠲᠡᠪᠡᠷᠢᠨ ᠤᠷᠤᠨ ᠳᠤᠨᠢ ᠤᠷᠤᠭᠤᠯᠬᠤ ᠳᠠᠭᠠᠨ᠄ ︽ᠮᠢᠨᠤ | ᠬᠤᠩᠭᠤᠷ ᠦᠷ᠎ᠡ ᠶᠡᠮᠡᠷ ᠶᠡᠭᠡ ᠶᠠᠳᠠᠷᠠᠭ᠎ᠠ ᠪᠤᠢ︕ ᠠᠮᠳᠠᠳᠤ ᠰᠠᠶᠢᠬᠠᠨ ᠵᠡᠭᠦᠳᠤ ᠵᠡᠭᠦᠳᠦᠯᠡᠭᠡᠷᠡᠢ ᠬᠤᠩᠭᠤᠷ ᠦᠷ᠎ᠡ | ᠮᠢᠨᠢ︕︾ ᠭᠡᠵᠤ ᠭᠡᠯᠡᠨ ᠦᠨᠦᠰᠳᠡᠭ᠃ ᠭᠡᠷᠪᠡ ᠶᠠᠳᠠᠷᠠᠬᠤ ᠨᠢ ᠠᠮᠳᠠᠳᠤ ᠰᠠᠶᠢᠬᠠᠨ ᠵᠡᠭᠦᠳᠦ ᠵᠡᠭᠦᠳᠦᠯᠡᠭᠦ ᠶᠢ | ᠭᠡᠯᠡᠵᠤ ᠪᠠᠶᠢᠭ᠎ᠠ ᠪᠤᠯ ᠶᠠᠭᠠᠭᠢᠭᠠᠳ ᠡᠵᠢ ᠶᠠᠳᠠᠷᠠᠭᠰᠠᠠ ᠢᠶᠠᠨ ᠭᠡᠯᠡᠬᠦ ᠳᠡᠭᠡᠨ ᠡᠶᠢᠮᠤ ᠠᠭᠤᠷ ᠤᠴᠠᠭᠠᠷ ᠲᠠᠢ ᠭᠡᠯᠡᠵᠤ | ᠪᠠᠶᠢᠭ᠎ᠠ ᠶᠤᠮ ᠪᠤᠯ︖ | ︽ᠡᠵᠢ ᠡ᠂ ᠭᠦᠮᠦᠨ ᠶᠠᠳᠠᠷᠠᠬᠤ ᠪᠠᠷ ᠢᠶᠠᠨ ᠠᠮᠳᠠᠳᠤ ᠰᠠᠶᠢᠬᠠᠨ ᠵᠡᠭᠦᠳᠦ ᠵᠡᠭᠦᠳᠦᠯᠡᠳᠡᠭ ᠭᠡᠰᠡᠨ᠂ ᠡᠮᠡᠭᠡ ᠲᠡᠭᠡᠵᠤ | ᠭᠡᠯᠡᠭᠰᠡᠨ︾᠃ | ︽ᠨᠠᠮ ᠤᠨᠳᠠᠵᠤ ᠯᠠ ᠪᠠᠶᠢᠪᠠᠯ ᠲᠡᠷᠡ ᠠᠮᠳᠠᠳᠤ ᠰᠠᠶᠢᠬᠠᠨ ᠵᠡᠭᠦᠳᠦ ᠴᠦ ᠶᠠᠭᠠᠭᠢᠮᠠᠢ ᠪᠠᠶᠢᠨ᠎ᠠ ᠠ︕ ᠶᠠᠳᠠᠷᠠᠵᠤ | ᠦᠭᠦᠯᠡ︕︾ ᠭᠦᠦ ᠡᠶᠢᠮᠤ ᠦᠭᠡᠨ ᠳᠤ ᠮᠠᠰᠢ ᠲᠤᠷ᠎ᠠ ᠦᠭᠡᠢ ᠪᠠᠶᠢᠯ᠎ᠠ᠃ ᠶᠠᠳᠠᠷᠠᠭᠰᠠᠨ᠂ ᠡᠶᠢᠮᠤ ᠶᠠᠭᠤᠮᠠᠨ ᠠᠴᠠ | ᠪᠤᠯᠵᠤ᠂ ᠲᠡᠶᠢᠮᠤ ᠶᠠᠭᠤᠮ᠎ᠠ ᠠᠴᠠ ᠪᠤᠯᠵᠤ ᠶᠠᠳᠠᠷᠠᠭᠰᠠᠨ ᠁ | ︽ᠡᠵᠢ ᠡ᠂ ᠲᠠᠨ ᠢ ᠶᠠᠳᠠᠷᠠᠭᠠᠬᠤ ᠦᠭᠡᠢ᠂ ᠪᠢ ᠲᠠᠨ ᠳᠤ ᠲᠤᠰᠠ ᠁︾ | ︽ᠵᠠ ᠵᠠ᠂ ᠲᠠᠷᠠᠭ᠎ᠠ ᠬᠤᠭᠤᠯᠠᠨ ᠲᠡᠭᠡᠷ᠎ᠡ ᠶᠠᠷᠢᠶ᠎ᠠ︕ ᠦᠨᠦᠳᠤᠷ ᠦᠢᠯᠡᠴᠢᠯᠡᠭᠦᠯᠦᠭᠴᠢ ᠶᠡᠭᠡᠳᠡᠢ ᠪᠠᠶᠢᠭᠰᠠᠨ | ᠤᠴᠢᠷ ᠠᠴᠠ ᠠᠵᠢᠯ ᠢᠶᠠᠨ ᠲᠠᠭᠤᠰᠬᠠᠵᠤ ᠴᠢᠳᠠᠭᠰᠠᠨ ᠦᠭᠡᠢ᠃ ᠠᠪᠤ ᠶᠢ ᠴᠢᠨᠢ ᠢᠷᠡᠬᠦ ᠠᠴᠠ ᠡᠮᠦᠨ᠎ᠡ | ᠬᠤᠭᠤᠯᠠ ᠪᠠᠨ ᠭᠢᠭᠦ ᠭᠡᠷᠡᠭᠳᠡᠢ ᠪᠠᠶᠢᠨ᠎ᠠ᠂ ᠵᠠ᠂ ᠮᠢᠨᠤ ᠭᠦᠦ ᠶᠠᠪᠤᠵᠤ ᠲᠤᠭᠯᠠ︕︾ | ︽ᠡᠵᠢ ᠡ᠂ ᠲᠠ ᠶᠠᠳᠠᠷᠠᠭᠰᠠᠨ ᠭᠡ ᠪᠢᠵᠠ ᠳ᠋ᠠ ᠁︾ | ︽ᠲᠡᠭᠡᠭᠡᠳ︖︾ | ︽ᠪᠢ ᠴᠦ ᠭᠡᠰᠡᠨ ᠲᠤᠭᠯᠠᠭᠰᠠᠭᠠᠷ ᠪᠠᠶᠢᠭᠠᠳ ᠶᠠᠳᠠᠷᠠᠴᠢᠬᠠᠯ᠎ᠠ᠃︾ | ︽ᠲᠡᠭᠡᠭᠡᠳ ᠪᠢ ᠶᠠᠭᠠᠭᠢᠬᠤ ᠪᠤᠢ︖︾ | ︽ᠮᠡᠳᠡᠭᠦ ᠦᠭᠡᠢ ᠁︾ | ᠭᠦᠦ ᠭᠢᠵᠤ ᠪᠤᠯᠬᠤ ᠦᠭᠡᠢ ᠵᠦᠢᠯ ᠤᠳ ᠢ ᠰᠠᠶᠢᠨ ᠮᠡᠳᠡᠳᠡᠭ ᠪᠠᠶᠢᠯ᠎ᠠ᠃ ᠬᠠᠷᠢᠨ ᠲᠤᠮᠤᠴᠤᠤᠯ ᠭᠢᠵᠤ ᠪᠤᠯᠬᠤ | ᠵᠦᠢᠯ ᠤᠳ ᠢ ᠤᠭᠳᠤ ᠮᠡᠳᠡᠳᠡᠭ ᠦᠭᠡᠢ ᠨᠢ ᠶᠠᠮᠠᠷ ᠬᠠᠴᠢᠷᠬᠠᠯ ᠲᠠᠢ ᠭᠡᠭᠴᠢ᠃ ᠭᠡᠳᠡᠯ᠎ᠡ ᠭᠡᠨᠡᠳᠳᠡ ᠴᠠᠭᠢᠯᠭᠠᠨ | ᠲᠠᠰᠤᠷᠠᠴᠢᠬᠠᠪᠠ᠃ ᠡᠵᠢ ︽ᠤᠳᠤ ᠯᠠ ᠬᠠᠮᠢᠭ᠎ᠠ ᠠᠴᠠ ᠤᠯᠤᠨ᠎ᠠ︕︾ ᠭᠡᠵᠤ ᠠᠭᠤᠷᠳᠠᠢ ᠦᠭᠦᠯᠡᠭᠰᠡᠭᠡᠷ ᠱᠦᠭᠦᠢ | ᠰᠠᠪᠠ ᠤᠩᠭᠤᠴᠢᠵᠤ ᠡᠭᠢᠯᠡᠪᠡ᠃ ᠵᠢᠭᠠᠯ ᠬᠦᠦ ᠪᠤᠶᠢᠳᠠᠩ ᠲᠡᠭᠡᠷ᠎ᠡ ᠭᠡᠪᠳᠡᠨ ᠡᠮᠡᠭᠡ ᠶᠢᠨ ᠢᠶᠠᠨ ᠲᠤᠰᠬᠤᠨ ᠢ ᠪᠤᠳᠤᠵᠤ | ᠡᠭᠢᠯᠡᠪᠡ᠃ | ᠭᠡᠷ ᠤᠨ ᠳ᠋ᠧᠩᠯᠤ ᠶᠢᠨ ᠭᠡᠷᠡᠯ ᠳᠤ ᠭᠠᠯᠵᠠᠭᠤ ᠲᠠᠤᠯᠠᠢ ᠶᠢᠨ ᠦᠯᠢᠭᠡᠷ ᠢ ᠶᠠᠷᠢᠭᠤᠯᠵᠤ ᠪᠠᠶᠢᠭᠰᠠᠨ ᠢ ᠪᠠᠨ ᠰᠠᠨᠠᠨ | ᠰᠠᠨᠠᠨ ᠲᠡᠭᠡᠷ᠎ᠡ ᠲᠤᠰᠬᠤ ᠮᠠᠰᠢᠨ ᠤ ᠭᠡᠷᠡᠯ ᠳᠤ ᠡᠮᠡᠭᠡ ᠪᠠᠨ ᠲᠠᠭᠤᠷᠢᠶᠠᠨ ᠭᠡᠷ ᠢᠶᠠᠷ ᠢᠶᠠᠨ ᠲᠠᠤᠯᠠᠢ ᠶᠢᠨ ᠲᠦᠷᠰᠦ | ᠭᠠᠷᠭᠠᠬᠤ ᠶᠢ ᠭᠢᠴᠢᠶᠡᠵᠤ ᠪᠠᠶᠢᠪᠠ᠃ ᠲᠠᠤᠯᠠᠢ ᠪᠠᠨ ᠡᠶᠢᠰᠢ ᠲᠡᠶᠢᠰᠢ ᠵᠤᠭᠠᠯᠠᠭᠤᠯᠤᠨ ᠭᠦᠶᠦᠯᠭᠡᠵᠤ ᠬᠠᠨᠠᠨ ᠠᠴᠠ | ᠬᠠᠨᠠᠨ ᠳᠤ ᠬᠠᠷᠠᠶᠢᠯᠭᠠᠵᠤ ᠪᠠᠶᠢᠯ᠎ᠠ᠃ ᠭᠡᠪᠡᠴᠦ ᠪᠢᠴᠢᠬᠠᠨ ᠭᠦᠦ ᠶᠠᠳᠠᠷᠠᠵᠠᠢ᠃ ᠪᠤᠯᠴᠤᠭᠤᠷ ᠵᠦᠭᠡᠯᠡᠨ ᠭᠠᠷ ᠢᠶᠠᠨ ᠴᠦ | ᠲᠠᠳᠠᠵᠤ ᠴᠢᠳᠠᠯ ᠦᠭᠡᠢ ᠪᠤᠯᠳᠠᠯ᠎ᠠ ᠪᠠᠨ ᠨᠦᠢᠷ ᠲᠠᠭᠠᠨ ᠲᠠᠷᠤᠭᠳᠠᠵᠠᠢ᠃ ᠭᠦᠦ ᠶᠢᠨ ᠭᠠᠷ ᠪᠤᠶᠢᠳᠠᠩ ᠲᠠᠭᠠᠨ ᠤᠨᠠᠯ᠎ᠠ | ᠃ | ᠴᠠᠭᠢᠯᠭᠠᠨ ᠢᠷᠠᠯ᠎ᠠ᠃ ᠡᠵᠢ ᠨᠢ ᠭᠦᠦ ᠪᠠᠨ ᠴᠢᠮᠡᠭᠡ ᠦᠭᠡᠢ ᠪᠤᠯᠤᠭᠰᠠᠨ ᠢ ᠠᠩᠵᠠᠭᠠᠷᠠᠨ ᠲᠤᠮᠤ ᠦᠷᠦᠭᠡᠨ ᠳᠡᠭᠡᠨ | ᠤᠷᠤᠳᠠᠯ᠎ᠠ ᠵᠢᠭᠠᠯ ᠬᠦᠦ ᠪᠢᠴᠢᠬᠠᠨ ᠭᠦᠭᠡᠷᠦᠭᠦᠨ ᠡᠪᠦᠳᠦᠭ ᠢᠶᠠᠨ ᠡᠯᠢᠭᠡᠨ ᠳᠡᠭᠡᠨ ᠲᠡᠪᠡᠷᠢᠭᠡᠳ ᠨᠠᠮ ᠤᠨᠳᠠᠭᠰᠠᠨ | ᠪᠠᠶᠢᠯ᠎ᠠ᠃ | ᠡᠭᠡ ᠶᠢᠨ ᠰᠡᠳᠭᠢᠯ ᠭᠡᠨᠡᠳᠳᠡ ᠲᠡᠪᠠ ᠦᠭᠡᠶᠢᠳᠡᠨ ᠰᠢᠷᠡᠭᠡᠨ ᠲᠡᠭᠡᠷᠡᠭᠢ ᠪᠡᠯᠡᠨ ᠲᠠᠩᠰᠠ ᠲᠤᠭᠠᠴᠠᠭ᠎ᠠ ᠪᠠᠨ ᠲᠤᠷ᠎ᠠ | ᠦᠭᠡᠶᠢᠴᠡᠭᠰᠡᠨ ᠨᠢᠳᠤ ᠪᠠᠷ ᠬᠠᠷᠠᠪᠠ᠃ ᠨᠢᠳᠤᠨ ᠳᠤᠨᠢ ᠬᠠᠷᠠᠭᠤᠰᠤᠯ᠂ ᠬᠠᠶᠢᠷ᠎ᠠ ᠦᠷᠦᠪᠳᠦᠯ ᠢᠯᠡᠷᠡᠵᠤ ᠪᠠᠶᠢᠪᠠ᠃ | ᠭᠦᠦ ᠪᠠᠨ ᠰᠡᠷᠢᠭᠡᠭᠦ ᠠᠴᠠ ᠡᠮᠢᠶᠡᠨ ᠲᠤᠬᠤᠨ ᠲᠡᠭᠡᠷ᠎ᠡ ᠨᠢ ᠦᠨᠦᠰᠦᠯ᠎ᠡ᠃ ᠬᠦᠦ ᠡᠭᠡ ᠶᠢᠨ ᠢᠶᠠᠨ ᠬᠠᠶᠢᠷ᠎ᠠ | ᠲᠦᠭᠦᠷᠡᠩ ᠦᠨᠦᠰᠦᠯᠳᠡ ᠶᠢ ᠭᠦᠯᠢᠶᠡᠵᠤ ᠪᠠᠶᠢᠭᠰᠠᠨ ᠶᠤᠮ ᠰᠢᠭ ︽ᠡᠵᠢ ᠡ᠂ ᠠᠵᠢᠯ ᠢᠶᠠᠨ ᠲᠠᠭᠤᠰᠬᠠᠭᠠᠳ | ᠨᠠᠮ᠎ᠠ ᠶᠢ ᠬᠠᠶᠢᠷᠠᠯᠠᠭᠠᠴᠢ᠂ ᠵᠠ︖︾ ᠭᠡᠪᠡ᠃ | ᠦᠪᠡᠷ ᠢ ᠪᠠᠨ ᠬᠠᠶᠢᠷᠠᠯᠠᠭᠤᠯᠬᠤ ᠶᠢᠨ ᠲᠤᠯᠠᠳᠠ ︽ᠴᠠᠭ ᠠᠪᠴᠦ︾ ᠪᠠᠶᠢᠭ᠎ᠠ ᠬᠦᠦ ᠪᠠᠨ ᠬᠠᠷᠠᠭᠠᠳ ᠡᠵᠢ ᠦᠷᠯᠦᠭᠡ | ᠪᠤᠯᠳᠠᠯ᠎ᠠ ᠮᠡᠭᠰᠢᠨ ᠤᠭᠢᠯᠠᠪᠠ᠃ | ︵︽ᠰᠤᠷᠭᠠᠮᠵᠢᠳᠤ ᠦᠭᠦᠯᠡᠯᠭᠡ ᠨᠦᠭᠦᠳ︾ ᠠᠴᠠ ᠰᠤᠩᠭᠤᠨ ᠰᠡᠶᠢᠷᠡᠭᠦᠯᠪᠡ︶ | | | |