ᠡᠨᠡ ᠵᠢᠯ ᠤᠨ ᠬᠠᠩᠰᠢ ᠪᠠᠷ ᠨᠣᠲᠤᠬ ᠲᠠᠭᠠᠨ ᠬᠠᠷᠢᠨ᠎ᠠ
ᠨᠡᠶᠢᠲᠡᠯᠡᠭᠰᠡᠨ ᠴᠠᠭ᠄
2023/4/10
    ᠬᠠᠩᠰᠢ ᠨᠡᠭᠡᠭᠡᠯ᠎ᠡ᠃ ᠨᠡᠭᠡᠭᠡᠭᠰᠡᠨ ᠬᠠᠩᠰᠢ ᠶᠢᠨ ᠣᠷᠢᠨ ᠣᠯᠠᠷᠢᠯ ᠳᠤ ᠨᠡᠯᠦᠭᠡᠷ ᠳᠡᠯᠡᠬᠡᠢ ᠶᠢᠨ ᠠᠮᠢᠰᠬᠤᠭ᠎ᠠ ᠬᠦᠮᠦᠨ ᠤ ᠰᠡᠳᠭᠢᠯ ᠢ ᠳᠣᠯᠠᠭᠠᠯᠠᠨ ᠢᠷᠪᠢᠭᠢᠨᠡᠨ᠎ᠡ᠃ ᠨᠡᠭᠡᠭᠡᠭᠰᠡᠨ ᠬᠠᠩᠰᠢ ᠲᠠᠢ ᠬᠠᠮᠲᠣ ᠬᠠᠭᠤᠴᠢᠨ ᠨᠣᠲᠤᠭ ᠤᠨ ᠮᠢᠨᠢ ᠰᠠᠯᠬᠢ ᠰᠦᠮᠡᠶᠢᠨ ᠰᠦᠮᠡᠶᠢᠬᠦ ᠬᠦᠬᠡ ᠠᠯᠣᠰ ᠠᠴᠠ ᠰᠡᠪᠡᠯᠵᠡᠨ ᠰᠡᠪᠡᠯᠵᠡᠵᠦ ᠢᠷᠡᠨ᠎ᠡ᠃ ᠵᠦᠭᠡᠯᠡᠨ ᠰᠠᠯᠬᠢᠨ ᠤ ᠬᠢᠨᠢ ᠫᠠᠩᠰᠠᠨ ᠦᠵᠦᠭᠦᠷ ᠲᠤᠨᠢ ᠵᠦᠢᠷᠯᠡᠰᠢ ᠦᠭᠡᠢ ᠰᠠᠶᠢᠬᠠᠨ ᠴᠢᠭᠢᠭ ᠰᠢᠷᠣᠢ ᠶᠢᠨ ᠬᠢᠨᠢ ᠦᠨᠦᠷ᠂ ᠴᠡᠪᠡᠷ ᠪᠣᠯᠪᠠᠷᠠᠢ ᠡᠪᠡᠰᠦ ᠮᠣᠳᠣᠳ ᠤᠨ ᠬᠢᠨᠢ ᠦᠨᠦᠷ᠂ ᠴᠡᠯᠮᠡᠭ ᠴᠡᠩᠭᠡᠭ ᠠᠭᠠᠷ ᠣᠰᠣᠨ ᠤ ᠬᠢᠨᠢ ᠦᠨᠦᠷ ᠁ ᠰᠡᠩᠭᠢ ᠲᠠᠲᠠᠬᠤ ᠰᠢᠭ ᠬᠦᠷᠴᠦ ᠢᠷᠡᠭᠡᠳ ᠬᠠᠴᠠᠷ ᠨᠢᠭᠤᠷ ᠢ᠂ ᠬᠠᠯᠠᠭᠤᠨ ᠵᠢᠷᠦᠬᠡ ᠶᠢ ᠦᠨᠦᠰᠭᠦ ᠳᠤ ᠬᠤᠯᠠ ᠶᠢᠨ ᠪᠠᠷ᠎ᠠ ᠬᠠᠷᠠᠭᠠᠨ ᠦᠵᠦᠭᠦᠷ ᠲᠤ ᠪᠦᠷᠲᠦᠯᠵᠡᠨ᠎ᠡ᠃ ᠬᠠᠨ ᠳᠡᠯᠡᠬᠡᠢ ᠡᠪᠦᠯ ᠤᠨ ᠴᠢᠯᠡᠭᠡ ᠪᠠᠨ ᠲᠠᠶᠢᠯᠬᠤ ᠮᠡᠲᠦ ᠡᠶᠡᠪᠡᠷᠭᠦᠦ ᠵᠦᠭᠡᠯᠡᠨ ᠨᠠᠷᠠᠨ ᠤ ᠭᠡᠷᠡᠯ ᠡᠲᠡᠭᠡᠳ ᠰᠢᠨᠡᠬᠡᠨ ᠠᠮᠢᠰᠬᠤᠯ ᠳᠣᠮᠳᠠ ᠬᠠᠮᠤᠭ ᠴᠣᠭᠴᠠᠰ ᠢᠶᠠᠨ ᠰᠣᠨᠢᠶᠠᠬᠤ ᠳᠤ ᠠᠭᠤᠯᠠᠰ ᠣᠯᠠᠮ ᠬᠤᠯᠠᠳᠠᠵᠣ᠂ ᠲᠠᠯ᠎ᠠ ᠣᠯᠠᠮ ᠲᠡᠶᠢᠢᠨ᠎ᠡ᠃ ᠬᠠᠷ᠎ᠠ ᠳᠠᠷᠣᠭᠰᠠᠨ ᠰᠢᠭ ᠬᠠᠷᠠᠩᠭᠤᠢ ᠬᠢᠵᠢᠭ ᠳᠦᠷᠢᠨ ᠢᠷᠡᠵᠦ ᠬᠠᠮᠤᠭ ᠬᠦᠮᠦᠰ ᠤᠨ ᠬᠠᠶᠢᠷᠠᠯᠠᠵᠣ ᠬᠢᠮᠠᠭᠠᠳᠠᠵᠣ ᠶᠠᠪᠣᠭᠰᠠᠨ ᠠᠮᠢ ᠨᠠᠰᠣᠨ ᠤ ᠬᠢᠨᠢ ᠭᠤᠷᠪᠠᠨ ᠵᠢᠯ ᠢ ᠴᠦᠯᠪᠡᠨ ᠠᠪᠣᠭᠠᠳ ᠠᠯᠢᠮᠠᠳ ᠵᠢᠷᠲᠢᠨᠴᠦ ᠶᠢᠨ ᠲᠣᠭᠤᠰᠣᠨ ᠬᠢᠭᠡᠳ ᠠᠶᠣᠮᠰᠢᠭ ᠦᠭᠡᠢ ᠴᠠᠭ ᠤᠨ ᠬᠤᠭᠤᠰᠤᠨ ᠣᠷᠣᠭᠤ ᠪᠠᠷ᠎ᠠ ᠲᠣᠷᠣ ᠦᠭᠡᠢ ᠠᠷᠢᠯᠵᠠᠢ᠃ ᠬᠠᠮᠤᠭ ᠶᠠᠭᠤᠮ᠎ᠠ ᠣᠷᠴᠢᠨ ᠣᠯᠠᠷᠢᠵᠣ᠂ ᠬᠠᠮᠤᠭ ᠴᠠᠭ ᠡᠭᠡᠯᠵᠢᠯᠡᠨ ᠡᠷᠭᠢᠬᠦ ᠶᠢᠨ ᠮᠦᠩᠬᠡ ᠶᠢᠨ ᠵᠢᠮ᠎ᠡ ᠪᠠᠷ ᠭᠤᠷᠪᠠᠨ ᠵᠢᠯ ᠤᠨ ᠳᠠᠷᠠᠭᠠᠬᠢ ᠡᠨᠡ ᠬᠠᠩᠰᠢ ᠡᠩ ᠦᠷᠭᠡᠨ ᠠᠷᠣ ᠭᠠᠵᠠᠷ ᠤᠨ ᠬᠦᠷᠦᠰᠦᠨ ᠳᠡᠭᠡᠨ ᠡᠪᠦᠷ ᠢᠶᠠᠨ ᠳᠡᠯᠭᠡᠵᠦ ᠡᠩᠬᠡ ᠮᠡᠨᠳᠦᠬᠡᠨ ᠮᠣᠷᠢᠯᠠᠭᠰᠠᠨ ᠠᠪᠠᠢ᠃   ᠡᠨᠡ ᠵᠢᠯ ᠤᠨ ᠬᠠᠩᠰᠢ ᠪᠠᠷ ᠨᠣᠲᠤᠭ ᠲᠠᠭᠠᠨ ᠬᠠᠷᠢᠨ᠎ᠠ᠃ ᠡᠷᠭᠢᠵᠦ ᠬᠡᠵᠢᠶᠡᠳᠡ ᠨᠦᠬᠦᠵᠦ ᠴᠢᠳᠠᠰᠢ ᠦᠭᠡᠢ ᠴᠠᠭ ᠮᠦᠴᠡ ᠶᠢᠨ ᠳᠠᠯᠠᠨ ᠴᠣᠭᠤᠷᠬᠠᠢ ᠶᠢᠨ ᠲᠦᠯᠦᠭᠡᠨ᠎ᠡ ᠪᠣᠰᠣ᠂ ᠡᠮᠲᠡᠷᠡᠵᠦ ᠦᠨᠢᠳᠡ ᠪᠣᠯᠣᠰᠢ ᠦᠭᠡᠢ ᠡᠯᠢᠭᠡᠨ ᠬᠠᠶᠢᠷ᠎ᠠ ᠶᠢᠨ ᠣᠴᠢᠷ᠎ᠠ ᠡᠬᠡ ᠨᠣᠲᠤᠭ ᠤᠨ ᠢᠶᠠᠨ ᠲᠡᠷᠡ ᠬᠡᠰᠡᠭ ᠬᠠᠯᠠᠭᠤᠨ ᠰᠢᠷᠣᠢ ᠳᠡᠭᠡᠷ᠎ᠡ ᠦᠷᠭᠦᠯᠵᠢᠳᠡ ᠬᠦᠷᠦᠨᠡᠮ ᠃ ᠡᠴᠢᠭᠡ ᠡᠬᠡ ᠶᠢᠨ ᠮᠢᠨᠢ ᠶᠠᠰᠣ ᠶᠢ ᠪᠣᠩᠬᠤᠯᠠᠭᠰᠠᠨ ᠠᠷᠢᠭᠤᠨ ᠡᠨᠡ ᠰᠢᠷᠣᠢ ᠳᠡᠭᠡᠷ᠎ᠡ ᠨᠢ ᠠᠩᠭᠠᠬᠠᠢ ᠪᠠᠭ᠎ᠠ ᠶᠢᠨ ᠨᠠᠰᠣ ᠪᠠᠨ ᠪᠢ ᠦᠨᠢ ᠡᠭᠦᠷᠢᠳᠡ ᠣᠷᠬᠢᠭᠠᠳ ᠭᠠᠷᠴᠣ ᠢᠷᠡᠭᠰᠡᠨ ᠶᠣᠮ ᠪᠢᠯᠡ᠃ ᠣᠷᠭᠤᠮᠠᠯ ᠠᠮᠢᠲᠠᠨ ᠪᠢᠰᠢ ᠬᠢᠷᠢᠨ᠎ᠡ ᠪᠠᠨ ᠬᠦᠮᠦᠨ ᠲᠡᠷᠢᠭᠦᠲᠡᠨ ᠣᠷᠭᠤᠵᠣ ᠲᠦᠯᠵᠢᠭᠰᠡᠨ ᠭᠠᠵᠠᠷ ᠢᠶᠠᠨ ᠬᠠᠲᠠᠵᠣ ᠬᠤᠪᠠᠭᠠᠶᠢᠷᠠᠵᠣ ᠦᠯᠦ ᠪᠣᠯᠣᠨ᠎ᠠ ᠭᠡᠪᠡ ᠦᠦ᠂ ᠣᠮᠳᠠᠯᠠᠵᠣ ᠪᠤᠶᠢᠵᠢᠭᠰᠠᠨ ᠣᠰᠣᠨ ᠳᠠᠭᠠᠨ ᠣᠨᠲᠠᠷᠠᠵᠣ ᠪᠦᠬᠦᠵᠦ ᠡᠰᠡ ᠪᠣᠯᠣᠨ᠎ᠠ ᠭᠡᠪᠡ ᠦᠦ᠃ ᠠᠶ᠎ᠠ᠂ ᠭᠡᠨᠡᠳᠲᠡ ᠣᠯᠣᠭᠰᠠᠨ ᠶᠠᠯᠢᠮ ᠦᠭᠡᠢ ᠦᠴᠦᠬᠡᠨ ᠡᠨᠡ ᠠᠮᠢ ᠨᠠᠰᠤᠨ ᠤ ᠪᠠᠨ ᠦᠷᠭᠡᠴᠡ ᠶᠢ ᠲᠡᠯᠡᠬᠦ ᠭᠡᠵᠦ ᠵᠢᠳᠭᠦᠨ᠂ ᠶᠡᠷᠦ ᠠᠴᠠ ᠬᠤᠭᠤᠰᠣᠨ ᠶᠡᠭᠡ ᠠᠮᠢᠳᠣᠷᠠᠯ ᠤᠨ ᠣᠳᠭ᠎ᠠ ᠠᠭᠤᠯᠭ᠎ᠠ ᠶᠢ ᠡᠭᠦᠳᠬᠦ ᠭᠡᠵᠦ ᠮᠠᠬᠠᠷᠠᠨ᠂ ᠬᠦᠮᠦᠨ ᠶᠡᠷᠦ ᠨᠢ ᠣᠨᠠᠭᠰᠠᠨ ᠰᠢᠷᠣᠢ ᠣᠣᠭᠤᠭᠰᠠᠨ ᠣᠰᠣᠨ ᠠᠴᠠ ᠪᠠᠨ ᠰᠠᠯᠵᠣ ᠶᠠᠪᠣᠳᠠᠭ ᠨᠢᠭᠡᠨ ᠶᠣᠰᠣᠨ ᠲᠡᠷᠡ ᠪᠦᠯᠦᠭᠡ᠃ ᠭᠡᠶ᠎ᠡ᠂ ᠵᠢᠯ ᠪᠦᠷᠢ ᠶᠢᠨ ᠬᠠᠪᠣᠷ ᠰᠠᠭᠠᠲᠠᠵᠣ ᠬᠠᠩᠰᠢ ᠨᠡᠭᠡᠭᠡᠭᠰᠡᠭᠡᠷ ᠯᠡ ᠬᠠᠮᠢᠭ᠎ᠠ ᠬᠤᠯᠠ ᠶᠢᠨ ᠲᠡᠷᠡ ᠬᠡᠰᠡᠭ ᠰᠢᠷᠣᠢ ᠬᠠᠷᠠᠩᠭᠤᠢ ᠰᠦᠨᠢ ᠶᠢᠨ ᠵᠡᠭᠦᠳᠦ ᠶᠢ ᠦᠢᠮᠡᠭᠦᠯᠵᠦ ᠬᠠᠷ᠎ᠠ ᠡᠳᠦᠷ ᠤᠨ ᠪᠣᠳᠣᠯ ᠢ ᠦᠢᠮᠦᠷᠡᠭᠤᠯᠵᠣ ᠢᠷᠡᠨ᠎ᠡ᠃ᠠᠯᠪᠠᠨ ᠰᠢᠷᠡᠭᠡ ᠡᠯᠢᠭᠡᠳᠡᠵᠦ ᠺᠣᠮᠫᠢᠦ᠋ᠲ᠋ᠧᠷ ᠤᠨ ᠲᠠᠷᠣᠪᠴᠢ ᠲᠠᠢ ᠨᠣᠣᠷᠠᠭᠰᠠᠭᠠᠷ ᠠᠲᠠᠯ᠎ᠠ ᠺᠣᠹᠧ ᠣᠣᠭᠤᠬᠤ ᠵᠠᠪ ᠦᠭᠭᠦᠯ ᠦᠭᠡᠢ ᠬᠤᠨᠤᠭ ᠡᠳᠦᠷ ᠤᠳ ᠣᠷᠣᠰᠴᠣ ᠬᠤᠯᠠᠳᠠᠨ᠎ᠠ᠂ ᠠᠵᠢᠯ ᠬᠢᠳᠡᠯ ᠭᠡᠵᠦ ᠮᠣᠩᠭᠢᠨᠠᠭᠰᠠᠭᠠᠷ ᠪᠠᠶᠢᠲᠠᠯ᠎ᠠ ᠠᠮᠢᠳᠣ ᠶᠢᠨ ᠣᠳᠭ᠎ᠠ ᠶᠢ ᠰᠡᠳᠭᠢᠬᠦ ᠴᠢᠯᠦᠭᠡ ᠦᠭᠭᠦᠯ ᠦᠭᠡᠢ ᠣᠨ ᠵᠢᠯ ᠤᠳ ᠰᠢᠭᠤᠷᠴᠣ ᠣᠳᠣᠨ᠎ᠠ᠃ ᠬᠦᠮᠦᠰ ᠠᠵᠢᠯ ᠬᠢᠳᠡᠭ ᠪᠠᠭᠠᠵᠢ ᠪᠣᠯᠣᠨ᠎ᠠ᠂ ᠪᠠᠭᠠᠵᠢ ᠳᠠᠭᠠᠨ ᠠᠵᠢᠯ ᠬᠢᠵᠦ ᠦᠭᠳᠡᠭ ᠪᠣᠭᠤᠯ ᠪᠣᠯᠣᠨ᠎ᠠ᠂ ᠲᠡᠶᠢᠨ ᠪᠠᠶᠢᠬᠰᠠᠭᠠᠷ ᠬᠦᠮᠦᠨ ᠦᠪᠡᠷ ᠢ ᠪᠠᠨ ᠠᠯᠳᠠᠨ᠎ᠠ᠂ ᠦᠪᠡᠷ ᠢ ᠪᠠᠨ ᠮᠠᠷᠲᠠᠨ᠎ᠠ᠃ ᠬᠠᠷᠢᠨ ᠪᠠᠰᠠ ᠣᠷᠢᠳᠣ ᠡᠮᠦᠨ᠎ᠡ ᠪᠠᠶᠢᠭ᠎ᠠ ᠦᠭᠡᠢ ᠪᠣᠳᠠᠰ ᠤᠨ ᠬᠦᠰᠡᠯ ᠬᠢᠭᠡᠳ ᠬᠡᠷᠡᠭᠯᠡᠭᠡ ᠶᠢᠨ ᠰᠢᠨᠣᠯ ᠨᠢᠳᠣ ᠦᠭᠡᠢ ᠰᠢᠭᠤᠷᠣᠭᠰᠠᠨ ᠦᠨᠦᠳᠦᠷ ᠬᠦᠮᠦᠰ ᠦᠵᠡᠭᠳᠡᠵᠦ ᠬᠠᠷᠠᠭᠳᠠᠬᠤ ᠭᠠᠳᠠᠭᠠᠳᠣ ᠵᠢᠷᠲᠢᠨᠴᠦ ᠶᠢᠨ ᠵᠤᠭ᠎ᠠ ᠴᠡᠩᠭᠡᠯ ᠳᠤ ᠲᠠᠰᠢᠭᠤᠷᠠᠨ ᠬᠠᠨᠣᠵᠣ ᠣᠶᠣᠨ ᠪᠢᠯᠢᠭ ᠢᠶᠠᠨ ᠠᠯᠳᠠᠨ᠎ᠠ ᠂ ᠣᠶᠣᠨ ᠰᠠᠨᠠᠭ᠎ᠠ ᠨᠢ ᠬᠤᠭᠤᠰᠣᠷᠠᠨ᠎ᠠ᠃ ᠦᠩᠭᠡᠪᠴᠢ ᠵᠢᠷᠲᠢᠨᠴᠦ ᠶᠢᠨ ᠪᠣᠳᠠᠰᠯᠢᠭ ᠬᠦᠰᠡᠯ ᠰᠢᠨᠣᠯ ᠳᠤ ᠣᠷᠢᠶᠠᠭᠳᠠᠬᠤ ᠲᠣᠲᠣᠮ ᠢᠶᠠᠨ ᠬᠦᠮᠦᠰ ᠠᠮᠢᠨᠴᠢᠷ ᠬᠠᠷᠠᠮᠴᠢ ᠪᠣᠯᠣᠨ᠎ᠠ᠂ ᠣᠶᠢᠪᠣᠷᠭᠠᠨ ᠭᠦᠶᠦᠬᠡᠨ ᠪᠣᠯᠣᠨ᠎ᠠ᠃ ᠬᠦᠮᠦᠨ ᠭᠡᠭᠴᠢ ᠠᠵᠢᠯ ᠡᠭᠦᠷᠭᠡ ᠯᠡ ᠭᠦᠢᠴᠡᠳᠭᠡᠳᠡᠭ ᠬᠦᠢᠲᠡᠨ ᠲᠡᠮᠦᠷ ᠬᠦᠯᠳᠡᠭᠦᠦ ᠪᠠᠭᠠᠵᠢ ᠪᠢᠰᠢ ᠬᠤᠶᠢᠨ᠎ᠠ ᠣᠰᠣᠨ ᠨᠢᠳᠣ ᠴᠢᠰᠣᠨ ᠵᠢᠷᠦᠬᠡ ᠲᠠᠢ ᠠᠮᠢᠳᠣ ᠣᠷᠣᠰᠢᠬᠤᠢ ᠪᠠᠶᠢᠵᠣ ᠲᠠᠭᠠᠷᠠᠨ᠎ᠠ᠃ ᠬᠦᠮᠦᠨ ᠭᠡᠭᠴᠢ ᠮᠠᠬᠠᠪᠣᠳ ᠤᠨ ᠬᠦᠰᠡᠯ ᠳᠡᠭᠡᠨ ᠯᠡ ᠬᠦᠲᠦᠯᠦᠭᠳᠡᠭᠰᠡᠨ ᠮᠠᠩᠭᠤᠷ ᠠᠮᠢᠲᠠᠨ ᠪᠢᠰᠢ ᠭᠠᠵᠠᠷ᠂ ᠬᠦᠰᠡᠯᠡᠩ ᠬᠠᠶᠢᠷ᠎ᠠ ᠣᠳᠭ᠎ᠠ ᠠᠭᠤᠯᠭ᠎ᠠ ᠶᠢᠨ ᠣᠷᠣᠰᠢᠬᠤᠢ ᠪᠣᠯᠵᠣ ᠲᠠᠭᠠᠷᠠᠨ᠎ᠠ᠃    ᠡᠨᠡ ᠵᠢᠯ ᠤᠨ ᠬᠠᠩᠰᠢ ᠪᠠᠷ ᠨᠣᠲᠤᠭ ᠲᠠᠭᠠᠨ ᠬᠠᠷᠢᠨ᠎ᠠ᠃ ᠡᠭᠡᠴᠢ ᠪᠠᠨ ᠡᠷᠭᠢᠨ᠎ᠡ᠂ ᠠᠬ᠎ᠠ ᠪᠠᠨ ᠪᠣᠯᠭᠤᠭᠠᠨ᠎ᠠ᠃ ᠬᠠᠮᠠᠷ ᠲᠠᠭᠠᠨ ᠨᠢᠰᠣ ᠲᠠᠢ ᠬᠠᠷᠠᠬᠠᠨ ᠪᠠᠭ᠎ᠠ ᠶᠢᠨ ᠨᠠᠰᠣᠨ ᠠᠴᠠ ᠬᠠᠮᠲᠣ ᠭᠦᠶᠦᠭᠰᠡᠭᠡᠷ ᠦᠰᠦᠭᠰᠡᠨ — ᠱᠣᠸᠠᠩᠪᠣᠣ᠂ ᠵᠢᠨᠪᠣᠣ᠂ ᠹᠦᠴᠢᠦᠸᠠᠨ᠂ ᠲᠣᠭᠲᠠᠬᠤ᠂ ᠰᠠᠶᠢᠨ᠎ᠠ᠂ ᠲᠣᠩᠭ᠎ᠠ ᠁ ᠪᠠᠭ᠎ᠠ ᠶᠢᠨ ᠦᠶ᠎ᠡ ᠶᠢᠨ ᠨᠠᠶᠢᠵᠠᠰ ᠪᠠᠯᠴᠢᠷ ᠨᠠᠰᠣᠨ ᠤ ᠬᠠᠨᠢᠲᠠᠳ ᠮᠢᠨᠢ ᠠᠭᠤᠣ ᠶᠡᠭᠡ ᠲᠡᠷᠡ ᠰᠢᠷᠣᠢ ᠶᠢ ᠲᠦᠰᠢᠭᠰᠡᠭᠡᠷ ᠠᠮᠥᠷ ᠵᠢᠮᠣᠷ ᠨᠢᠭᠡᠨ ᠨᠠᠰᠣ ᠶᠢ ᠡᠯᠡᠭᠡᠵᠦ ᠶᠠᠪᠣᠭ᠎ᠠ ᠨᠢ ᠴᠦ ᠪᠣᠢ᠂ ᠠᠰᠢᠲᠠ ᠶᠢᠨ ᠠᠮᠣᠭᠤᠯᠠᠩ ᠦᠭᠭᠢᠶᠡᠮᠦᠷ ᠡᠨᠡ ᠰᠠᠶᠢᠬᠠᠨ ᠰᠢᠷᠣᠢ ᠳᠡᠭᠡᠷ᠎ᠡ ᠪᠠᠰᠠ ᠬᠠᠭ ᠤᠨ ᠨᠠᠭᠤᠷ᠂ ᠬᠢᠶᠠᠭᠲᠣ ᠶᠢᠨ ᠲᠠᠯ᠎ᠠ᠂ ᠬᠠᠷ᠎ᠠ ᠡᠷᠭᠢ᠂ ᠬᠠᠷᠠᠭᠠᠨᠠᠲᠣ ᠶᠢᠨ ᠡᠩᠭᠡᠷ᠂ ᠬᠠᠶᠢᠯᠠᠰᠣᠲᠠᠢ ᠶᠢᠨ ᠲᠦᠩ᠂ ᠪᠠᠵᠠᠢ ᠯᠠᠮᠠ ᠶᠢᠨ ᠬᠤᠲᠣᠭᠤᠷ᠂ ᠪᠣᠷᠭᠠᠰᠣᠲᠠᠢ ᠮᠠᠩᠬ᠎ᠠ ᠶᠢᠨ ᠬᠦᠲᠦᠯ᠂ ᠬᠠᠷ᠎ᠠ ᠲᠠᠩ ᠤᠨ ᠲᠠᠷᠢᠶ᠎ᠠ᠂ ᠬᠠᠷ᠎ᠠ ᠣᠰᠣ ᠶᠢᠨ ᠭᠤᠣᠯ ᠁ ᠭᠡᠮᠡᠨ ᠠᠯᠳᠠᠷᠠᠶᠢᠬᠠᠨ ᠨᠠᠰᠣᠨ ᠳᠠᠭᠠᠨ ᠠᠯᠢᠶᠠᠯᠠᠵᠣ ᠲᠣᠭᠯᠠᠵᠣ ᠶᠠᠪᠣᠭᠰᠠᠨ ᠠᠯᠢ ᠣᠯᠠᠨ ᠦᠯᠢᠭᠡᠷ ᠳᠣᠮᠤᠭ ᠤᠨ ᠭᠠᠵᠠᠷ ᠣᠰᠣᠨ ᠪᠣᠢ᠃ ᠪᠠᠰᠠ ᠬᠠᠭ ᠤᠨ ᠰᠦᠮ᠎ᠡ᠂ ᠭᠡᠭᠡᠨ ᠰᠠᠩ᠂ ᠭᠦᠩ ᠤᠨ ᠰᠠᠩ᠂ ᠬᠤᠩᠭᠤᠷ ᠣᠪᠣᠭ᠎ᠠ᠂ ᠬᠤᠸᠠᠩ ᠤᠨ ᠠᠶᠢᠯ᠂ ᠪᠠᠶᠠᠨ ᠦᠨᠳᠦᠷ᠂ ᠪᠠᠲᠣᠪᠠᠶᠠᠷ ᠤᠨ ᠲᠣᠪᠤ᠂ ᠴᠠᠶᠢᠳᠠᠮ ᠤᠨ ᠠᠶᠢᠯ᠂ ᠱᠠᠩᠰᠢ ᠶᠢᠨ ᠠᠶᠢᠯ ᠁ ᠭᠡᠮᠡᠨ ᠣᠶᠢᠷᠠᠨ ᠲᠣᠭᠤᠷᠢᠨ ᠤ ᠣᠴᠢᠭᠰᠠᠨ ᠣᠴᠢᠭ᠎ᠠ ᠦᠭᠡᠢ ᠠᠮᠢᠰᠬᠤᠯ ᠨᠢᠭᠡᠲᠡᠢ ᠠᠶᠢᠯ ᠣᠰᠣᠨ ᠪᠣᠢ᠃ ᠠᠶ᠎ᠠ᠂ ᠡᠨᠡ ᠰᠢᠷᠣᠢ ᠳᠡᠭᠡᠷ᠎ᠡ ᠮᠢᠨᠦ ᠬᠠᠶᠢᠷᠠᠯᠠᠵᠣ ᠬᠤᠷᠭᠤᠳᠠᠬᠤ ᠬᠢᠮᠠᠭᠠᠳᠠᠵᠣ ᠲᠠᠲᠠᠭᠳᠠᠬᠤ ᠵᠦᠢᠯᠡᠰ ᠳᠠᠩᠴᠣ ᠣᠯᠠᠨ ᠠᠵᠢᠶᠠᠨᠠᠮ᠂ ᠴᠡᠭᠡᠵᠢᠯᠡᠯ ᠤᠨ ᠭᠦᠨ ᠳᠠᠬᠢ ᠴᠡᠪᠡᠷ ᠴᠠᠶᠢᠯᠭᠠᠨ ᠦᠯᠢᠭᠡᠷ ᠳᠣᠷᠠᠳᠬᠠᠯ ᠤᠳ ᠢ ᠡᠳᠦᠭᠡ ᠨᠢᠭᠡᠳ ᠨᠢᠭᠡ ᠪᠠᠷ ᠳᠠᠬᠢᠨᠲᠠ ᠠᠰᠠᠭᠠᠬᠤ ᠳᠤ ᠣᠢ ᠰᠡᠳᠭᠢᠯ ᠭᠡᠷᠡᠯᠲᠦᠵᠦ ᠣᠬᠠᠭ᠎ᠠ ᠵᠢᠷᠣᠬᠡ ᠨᠢᠯᠬᠠᠷᠠᠨ᠎ᠠ᠃    ᠲᠡᠶᠢᠮᠦ ᠡ᠂ ᠠᠷᠢᠯᠣᠭᠰᠠᠨ ᠬᠢᠵᠢᠭ ᠠᠷᠴᠢᠭᠰᠠᠨ ᠲᠡᠭᠷᠢ ᠰᠢᠭ ᠴᠡᠯᠮᠡᠶᠢᠭᠰᠡᠨ ᠡᠨᠡ ᠬᠠᠪᠣᠷ ᠠᠮᠢᠨ ᠬᠠᠶᠢᠷᠠᠲᠠᠢ ᠮᠢᠨᠦ ᠮᠠᠭᠤ ᠭᠠᠭᠴᠠ ᠦᠬᠢᠨ ᠠᠯᠢ ᠬᠤᠯᠠ ᠠᠷᠠᠯ ᠤᠨ ᠲᠡᠷᠡ ᠣᠯᠣᠰ ᠠᠴᠠ ᠠᠮᠠᠷᠠᠯᠲᠠ ᠶᠢᠨ ᠴᠢᠯᠦᠭᠡ ᠪᠠᠨ ᠠᠪᠣᠭᠠᠳ ᠬᠠᠪᠣᠷ ᠲᠠᠢ ᠬᠠᠮᠲᠣ ᠢᠷᠡᠭᠰᠡᠨ ᠪᠠᠶᠢᠯ᠎ᠠ᠃ ᠬᠠᠪᠣᠷ ᠨᠢ ᠬᠠᠷᠢᠶᠠᠴᠠᠢ ᠶᠢᠨ ᠬᠤᠶᠠᠷ ᠵᠢᠭᠦᠷ ᠲᠠᠢ ᠢᠷᠡᠭᠰᠡᠨ᠂ ᠬᠤᠶᠠᠷ ᠵᠢᠭᠦᠷ ᠨᠢ ᠠᠮᠢᠯᠠᠯ ᠡᠰᠡᠨᠢᠯ᠂ ᠠᠯᠢᠪᠠ ᠰᠠᠶᠢᠨ ᠰᠠᠶᠢᠬᠠᠨ ᠲᠠᠢ ᠴᠤᠭ ᠢᠷᠡᠭᠰᠡᠨ᠂ ᠠᠷᠣ ᠠᠴᠠ ᠨᠢ ᠡᠨᠡ ᠵᠢᠯ ᠤᠨ ᠬᠠᠩᠰᠢ ᠠᠶᠢᠪᠣᠭᠤ ᠲᠠᠶᠢᠪᠣᠭᠤᠬᠠᠨ ᠶᠠᠪᠣᠵᠣ ᠢᠷᠡᠭᠰᠡᠨ ᠠᠵᠢ᠃ ᠬᠠᠩᠰᠢ ᠶᠢᠨ ᠬᠤᠶᠢᠨ᠎ᠠ ᠠᠴᠠ ᠨᠢ ᠬᠠᠮᠤᠭ ᠤᠨ ᠲᠠᠩᠰᠤᠭ ᠭᠤᠶᠣᠯᠠᠯ ᠢᠶᠠᠨ ᠬᠡᠲᠡᠷᠦᠭᠰᠡᠨ ᠬᠠᠩᠭᠠᠢ ᠶᠢᠨ ᠵᠣᠨ ᠬᠠᠩᠬᠠᠯᠵᠠᠨ ᠠᠯᠬᠤᠯᠠᠭᠰᠠᠭᠠᠷ ᠠᠶᠠᠷ ᠠᠶᠠᠷᠬᠠᠨ ᠣᠶᠢᠷᠠᠳᠴᠣ ᠠᠶᠢᠰᠣᠢ᠃   ᠬᠠᠩᠰᠢ ᠨᠡᠭᠡᠭᠡᠯ᠎ᠡ᠃ ᠨᠡᠭᠡᠭᠡᠭᠰᠡᠨ ᠬᠠᠩᠰᠢ ᠶᠢᠨ ᠶᠧᠯᠸᠢᠲᠣ ᠡᠭᠦᠳᠡ ᠪᠠᠷ ᠨᠢ ᠰᠡᠳᠭᠢᠯᠲᠦ ᠬᠦᠮᠦᠰ ᠦᠩᠭᠡᠷᠡᠭᠰᠡᠨ ᠴᠠᠭ ᠲᠤ ᠬᠦᠷᠦᠨ᠎ᠡ᠃ ᠦᠩᠭᠡᠷᠡᠭᠰᠡᠨ ᠴᠠᠭ ᠤᠨ ᠲᠣᠲᠣᠨᠣ ᠶᠢᠨ ᠬᠦᠮᠦᠰ᠂ ᠦᠩᠭᠡᠷᠡᠭᠰᠡᠨ ᠴᠠᠭ ᠤᠨ ᠳᠣᠯᠠᠭᠠᠬᠠᠨ ᠶᠠᠪᠣᠳᠠᠯ ᠤᠳ ᠁ ᠳᠠᠭᠤ ᠦᠭᠡᠢ ᠺᠢᠨᠣ᠋ ᠶᠢᠨ ᠬᠦᠰᠢᠭᠡ ᠮᠡᠲᠦ ᠰᠡᠳᠭᠢᠯ ᠤᠨ ᠠᠬᠤᠢ ᠳᠤ ᠢᠯᠡ ᠠᠴᠠ ᠢᠯᠡ᠂ ᠲᠣᠳᠣ ᠠᠴᠠ ᠲᠣᠳᠣ᠂ ᠦᠨᠡᠨ ᠠᠴᠠ ᠦᠨᠡᠨ᠃ ᠨᠡᠭᠡᠭᠡᠭᠰᠡᠨ ᠬᠠᠩᠰᠢ ᠶᠢᠨ ᠳᠣᠮᠤᠭ ᠤᠨ ᠬᠠᠭᠠᠯᠭ᠎ᠠ ᠠᠴᠠ ᠨᠢᠭᠡᠨᠲᠡ ᠡᠷᠭᠢᠵᠦ ᠨᠠᠭᠠᠰᠢ ᠪᠠᠨ ᠭᠠᠷᠴᠣ ᠢᠷᠡᠬᠦ ᠳᠤ ᠠᠮᠢ ᠠᠮᠢᠵᠢᠷᠠᠯ ᠤᠨ ᠬᠦᠬᠡ ᠣᠨᠢᠶᠠᠷ ᠲᠠᠲᠠᠭᠰᠠᠨ ᠬᠦᠬᠡᠮᠳᠦᠭ ᠳᠡᠯᠡᠬᠡᠢ ᠳᠤ ᠬᠠᠪᠣᠷ ᠬᠡᠳᠦ᠋ᠨᠡᠢ ᠰᠠᠭᠠᠲᠠᠴᠢᠬᠠᠭᠰᠠᠨ ᠪᠠᠶᠢᠯᠤᠭ᠎ᠠ᠃ ᠵᠠᠮ ᠤᠨ ᠳᠠᠯᠠᠩ ᠠᠳᠡ ᠲᠡᠨᠳᠡ ᠬᠦᠬᠡᠷᠡᠬᠦ ᠠᠭᠠᠳ ᠵᠠᠬ᠎ᠠ ᠶᠢᠨ ᠣᠢ᠂ ᠵᠢᠭᠦᠷ ᠤᠨ ᠣᠰᠣᠨ ᠳᠤ ᠰᠢᠪᠠᠭᠤ ᠪᠣᠯᠵᠣᠮᠣᠷ ᠬᠠ ᠶᠠ ᠦᠭᠡᠢ ᠱᠣᠯᠣᠭᠠᠨᠠᠵᠣ᠂ ᠬᠦᠮᠦᠨ ᠤ ᠣᠷᠮ᠎ᠠ ᠶᠢ ᠭᠠᠯ ᠬᠠᠯᠠᠭᠤᠨ ᠠᠮᠢᠳᠣᠷᠠᠯ ᠣᠷᠣᠭᠤ ᠬᠦᠲᠦᠯᠦᠭᠰᠡᠨ ᠰᠢᠳᠢᠲᠦ ᠶᠡᠭᠡ ᠪᠠᠶᠢᠭᠠᠯᠢ᠂ ᠬᠦᠰᠡᠯᠡᠩ ᠤᠨ ᠰᠠᠶᠢᠬᠠᠨ ᠢ ᠵᠢᠷᠦᠬᠡ ᠵᠢᠷᠦᠬᠡᠨ ᠳᠤᠨᠢ ᠲᠠᠷᠢᠨ᠎ᠠ᠃   ᠡᠨᠡ ᠵᠢᠯ ᠤᠨ ᠬᠠᠩᠰᠢ ᠪᠠᠷ ᠨᠣᠲᠤᠭ ᠲᠠᠭᠠᠨ ᠬᠠᠷᠢᠨ᠎ᠠ᠃   ᠮᠠᠰᠢᠨ ᠳᠠᠭᠠᠨ ᠲᠣᠰᠣ ᠶᠢ ᠨᠢ ᠨᠡᠮᠡᠭᠡᠳ ᠲᠠᠯᠪᠢᠶ᠎ᠠ᠂ ᠰᠡᠳᠭᠢᠯ ᠳᠡᠭᠡᠨ ᠢᠯᠴᠢ ᠶᠢ ᠨᠢ ᠨᠡᠮᠡᠭᠡᠳ ᠣᠨᠲᠠᠶ᠎ᠠ᠂ ᠮᠠᠷᠭᠠᠰᠢ ᠦᠷᠯᠦᠭᠡ ᠡᠷᠲᠡ ᠰᠢᠭ ᠬᠦᠳᠡᠯᠦᠶ᠎ᠡ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号