ᠮᠢᠩᠭᠠᠨ ᠠᠮᠢᠲᠠᠨ ᠤ ᠮᠠᠩᠨᠠᠢ ᠲᠡᠶᠢᠢᠬᠦ ᠵᠢᠷᠭᠠᠯ
ᠨᠡᠶᠢᠲᠡᠯᠡᠭᠰᠡᠨ ᠴᠠᠭ᠄
2023/3/28
    ᠨᠢᠭᠡ ᠬᠠᠷᠠᠬᠤ ᠳᠤ ᠴᠣᠩᠬᠤᠨ ᠭᠠᠲᠠᠨᠠᠬᠢ ᠮᠣᠲᠣᠨ ᠲᠡᠭᠡᠷ᠎ᠡ ᠬᠡᠲᠦᠨ ᠪᠣᠯᠵᠣᠮᠣᠷ ᠢᠷᠡᠵᠦ᠂ ᠬᠤᠰᠢᠭᠤ ᠪᠠᠷ ᠢᠢᠡᠨ ᠦᠲᠦ ᠰᠣᠲᠣ ᠪᠠᠨ ᠶᠠᠩᠵᠣᠯᠠᠬᠤ ᠶᠣᠮ᠃ ᠡᠬᠢᠯᠡᠭᠡᠳ ᠪᠢ ᠨᠢᠭᠡ ᠶᠡᠭᠡ ᠠᠩᠵᠠᠭᠠᠷᠠᠬᠰᠠᠨ ᠦᠭᠡᠢ᠃ ᠵᠢᠷ ᠵᠢᠷ ᠵᠢᠷᠬᠢᠬᠦ ᠪᠠᠷ ᠨᠢ ᠲᠡᠰᠭᠡᠯ ᠦᠭᠡᠢ ᠬᠠᠷᠠᠪᠠ᠃ ᠲᠡᠭᠡᠲᠡᠯ᠎ᠡ ᠨᠦᠬᠦᠭᠡ ᠬᠡᠲᠦᠨ ᠪᠣᠯᠵᠣᠮᠣᠷ ᠴᠦ ᠨᠠᠮᠠᠢᠢ ᠬᠠᠷᠠᠭᠠᠳ ᠪᠠᠶᠠᠷᠯᠠᠬᠤ ᠮᠡᠲᠦ ᠵᠢᠭᠠᠬᠠᠨ ᠵᠢᠬᠦᠷ ᠢᠢᠡᠨ ᠲᠡᠪᠢᠵᠦ ᠢᠷᠡᠭᠡᠳ ᠯᠡ ᠵᠢᠷᠬᠢᠵᠦ ᠲᠠᠭᠤᠯᠠᠨ᠎ᠠ᠃ ᠴᠠᠭᠠᠰᠢ ᠬᠠᠷᠠᠪᠠᠯ ᠬᠡᠲᠦᠨ ᠬᠡᠦᠬᠡᠳ ᠬᠦᠷᠢᠶᠡᠨ ᠲᠣᠮᠲᠠ ᠬᠦᠭᠵᠢᠯᠲᠦᠨ ᠲᠣᠬᠯᠠᠨ᠎ᠠ᠃ ᠬᠦᠢᠲᠡᠨ ᠤ ᠡᠷᠴᠢ ᠨᠢᠭᠡ ᠮᠡᠳᠡᠬᠦ ᠳᠤ ᠴᠢᠬᠢᠭ ᠤᠨ ᠦᠨᠦᠷ ᠢᠶᠠᠷ ᠰᠤᠯᠢᠬᠳᠠᠴᠢᠬᠠᠭᠰᠠᠨ ᠪᠠᠶᠢᠯ᠎ᠠ᠂ ᠠᠰᠠᠷ ᠪᠠᠶᠢᠰᠢᠩ᠂ ᠵᠠᠮ ᠤᠨ ᠬᠠᠵᠠᠭᠤ ᠶᠢᠨ ᠮᠣᠲᠣᠳ᠂ ᠠᠭᠤᠯᠠ ᠲᠠᠯ᠎ᠠ ᠴᠦ ᠦᠩᠭᠡ ᠨᠢ ᠰᠢᠨᠡᠲᠦᠭᠰᠡᠨ ᠮᠡᠲᠦ ᠰᠡᠷᠪᠡᠯᠵᠡᠨ ᠰᠡᠬᠦ᠋ᠨ ᠰᠦᠨᠳᠡᠷᠯᠡᠨ᠎ᠡ᠃ ᠲᠡᠶᠢᠮᠦ ᠪᠠᠶᠢᠨ᠎ᠠ ᠡ᠂ ᠢᠴᠡᠭᠰᠡᠳ ᠬᠦᠳᠡᠯᠬᠦ ᠪᠤᠯᠴᠢᠬᠠᠵᠠᠢ ᠰᠢᠦ︕ ᠮᠢᠩᠭᠠᠨ ᠠᠮᠢᠲᠠᠨ ᠤ ᠮᠠᠩᠨᠠᠢ ᠲᠡᠶᠢᠢᠵᠦ᠂ ᠤᠷᠴᠢᠯᠠᠩ ᠬᠦᠭᠵᠢᠶᠡᠨ ᠢᠶᠠᠷ ᠪᠢᠯᠬᠠᠬᠤ ᠨᠢ ᠡ᠃    ᠪᠣᠲᠣᠯ ᠰᠡᠳᠭᠢᠯ ᠪᠣᠯᠵᠣᠮᠣᠷ ᠢ ᠲᠠᠭᠠᠵᠦ ᠨᠢᠰᠣᠨ ᠲᠡᠪᠳᠡᠷᠢᠴᠢᠬᠡᠬᠦ ᠶᠤᠮ ᠪᠢᠯᠡ᠃    ᠣᠷᠴᠢᠯᠠᠩ ᠤᠨ ᠬᠠᠮᠤᠬ ᠤᠨ ᠰᠠᠶᠢᠬᠠᠨ ᠣᠯᠠᠷᠢᠯ ᠪᠣᠯ ᠬᠠᠪᠣᠷ ᠭᠡᠵᠦ ᠪᠢ ᠪᠤᠳᠤᠳᠠᠭ᠃ ᠬᠠᠪᠣᠷ ᠨᠠᠲᠠᠲᠣ ᠬᠡᠦᠬᠡᠳ ᠰᠢᠭ ᠰᠠᠨᠠᠬᠲᠠᠵᠦ᠂ ᠦᠰᠴᠦ ᠦᠨᠳᠡᠶᠢᠬᠦ ᠬᠦᠰᠡᠯ ᠮᠦᠷᠦᠭᠡᠲᠦᠯ ᠣᠷᠭᠤᠭᠤᠯᠲᠠᠭ᠃ ᠶᠡᠷᠦ ᠨᠢ ᠬᠤᠷᠢᠨ ᠲᠦᠷᠪᠡᠨ ᠴᠠᠬ ᠣᠯᠠᠷᠢᠯ ᠠᠴᠠ ᠠᠮᠢᠲᠠᠨ ᠭᠤᠣᠯᠲᠠᠨ ᠲᠠᠢ ᠬᠤᠯᠪᠣᠬᠲᠠᠵᠦ᠂ ᠡᠰᠡᠨᠢᠯ ᠬᠦᠯᠵᠢᠯ ᠤᠨ ᠦᠢᠯᠡ ᠬᠦᠲᠡᠯᠦᠯ ᠢ ᠬᠠᠷᠠᠭᠤᠯᠣᠬᠰᠠᠨ ᠨᠢ ᠵᠦᠪᠬᠡᠨ ᠮᠢᠩᠭᠠᠨ ᠠᠮᠢᠲᠠᠨ ᠤ ᠮᠠᠩᠨᠠᠢ ᠲᠡᠶᠢᠢᠬᠦ ᠴᠠᠬ ᠭᠡᠭᠳᠡᠭᠰᠡᠨ ︽ᠢᠴᠡᠭᠰᠡᠳ ᠬᠦᠲᠡᠯᠬᠦ︾ ᠴᠠᠭ ᠤᠯᠠᠷᠢᠯ ᠪᠣᠯᠬᠤ ᠠᠵᠢ᠃ ᠠᠮᠢ ᠲᠠᠢ ᠭᠤᠣᠯ ᠲᠠᠢ ᠪᠣᠯᠬᠤᠷ ᠰᠡᠷᠡᠵᠦ ᠰᠡᠷᠬᠦᠵᠦ᠂ ᠤᠷᠤᠰᠢᠵᠤ ᠬᠦᠯᠵᠢᠬᠦ ᠶᠢᠨ ᠣᠴᠢᠷ ᠵᠢᠷᠲᠢᠨᠴᠦ ᠶᠢᠨ ᠲᠣᠭᠤᠰᠣ ᠬᠦᠲᠡᠯᠭᠡᠵᠦ ᠦᠨᠳᠡᠶᠢᠬᠦ ᠨᠢ ᠲᠦᠭᠡᠮᠡᠯ ᠵᠦᠢ ᠪᠣᠰᠣ ᠤᠤ︖ ᠢᠩᠬᠢᠭᠡᠳ ᠪᠣᠲᠣᠬᠤ ᠳᠤ᠂ ᠬᠤᠷ᠎ᠠ ᠣᠰᠣ᠂ ᠵᠣᠨ ᠤ ᠲᠦᠢᠯ᠂ ᠬᠢᠷᠠᠭᠤ ᠣᠨᠠᠬᠤ᠂ ᠪᠠᠭ᠎ᠠ ᠴᠠᠰᠣ᠂ ᠶᠡᠭᠡ ᠬᠦᠢᠲᠡᠨ ᠁ ᠵᠡᠷᠭᠡ ᠣᠯᠠᠷᠢᠯ ᠤᠨ ᠦᠩᠭᠡ ᠠᠶᠠᠰ ᠨᠢ ᠪᠦᠷ ᠦᠨᠦᠲᠦᠷ ᠤᠨ ᠦᠨᠳᠡᠶᠢᠵᠦ ᠬᠦᠲᠡᠯᠬᠦ ᠳᠤ ᠣᠷᠢᠲᠠᠯ ᠨᠦᠬᠦᠴᠡᠯ ᠬᠠᠩᠭᠠᠵᠦ᠂ ᠣᠷᠭᠤᠵᠦ ᠲᠦᠯᠵᠢᠬᠦ ᠠᠮᠢ ᠠᠮᠢᠵᠢᠷᠠᠯ ᠤᠨ ᠢᠷᠠᠭᠤ ᠲᠠᠭᠤᠣ ᠶᠢ ᠴᠢᠪᠬᠠᠲᠠᠬᠤ ᠳᠤ ᠪᠡᠯᠡᠳᠭᠡᠭᠰᠡᠨ ᠮᠡᠲᠦ᠂ ᠪᠠᠶᠢᠭᠠᠯᠢ ᠶᠢᠨ ᠤᠷᠴᠢᠯ ᠲᠡᠷᠡ ᠪᠤᠶᠤ︕    ᠬᠠᠪᠣᠷ ᠢᠷᠡᠯ᠎ᠡ᠂ ᠬᠠᠮᠢᠭ᠎ᠠ ᠢᠷᠡᠪᠡ︖ ᠣᠢ ᠶᠢᠨ ᠲᠣᠮᠲᠠ᠂ ᠣᠰᠣᠨ ᠤ ᠲᠡᠷᠭᠡᠲᠡ᠂ ᠰᠠᠷᠠᠪᠴᠢᠨ ᠳᠤᠤᠷ᠎ᠠ᠂ ᠰᠠᠷᠠᠨ ᠤ ᠭᠡᠷᠡᠯ ᠳᠤ᠂ ᠲᠠᠯ᠎ᠠ ᠶᠢᠨ ᠬᠦᠨ᠂ ᠲᠦᠯ ᠤᠨ ᠮᠠᠶᠢᠯᠠᠭᠠᠨ ᠳᠤ ᠬᠠᠪᠣᠷ ᠤᠨ ᠠᠨᠢᠷ ᠲᠣᠵᠢ ᠲᠣᠭᠤᠯᠲᠠᠨ᠎ᠠ᠃ ᠬᠠᠮᠤᠬ ᠪᠣᠲᠠᠰ ᠠᠮᠢᠯᠠᠨ ᠰᠡᠷᠬᠦᠬᠦ ᠪᠠᠷ ᠪᠠᠶᠢᠭᠠᠯᠢ ᠲᠡᠯᠡᠭᠡᠢ ᠶᠢᠨ ᠦᠩᠭᠡ ᠵᠢᠰᠦ᠂ ᠦᠨᠦᠷ ᠠᠮᠲᠠ᠂ ᠠᠶᠠᠯᠭᠤ ᠡᠭᠡᠰᠢᠭ ᠵᠦᠪᠬᠡᠨ ᠬᠠᠷᠠᠭᠲᠠᠵᠦ᠂ ᠦᠨᠦᠷᠲᠦᠵᠦ᠂ ᠠᠮᠲᠠᠬᠲᠠᠵᠦ᠂ ᠰᠣᠨᠣᠰᠣᠬᠲᠠᠬᠤ ᠪᠣᠰᠣ ᠬᠠᠷᠢᠨ ᠪᠦᠬᠦᠢ ᠪᠡᠶ᠎ᠡ ᠴᠣᠬᠴᠠᠰ ᠲᠤ ᠮᠡᠳᠡᠷᠡᠭᠳᠡᠨ᠂ ᠦᠰᠴᠦ ᠦᠨᠳᠡᠶᠢᠬᠦ᠂ ᠣᠷᠭᠤᠵᠦ ᠲᠦᠯᠵᠢᠬᠦ ᠬᠦᠰᠡᠯ ᠮᠦᠷᠦᠭᠡᠲᠦᠯ ᠢ ᠣᠷᠭᠤᠭᠤᠯᠲᠠᠬ ᠶᠤᠮ᠃ ᠪᠠᠶᠢᠭᠠᠯᠢ ᠵᠢᠷᠲᠢᠨᠴᠦ ᠶᠢᠨ ᠣᠷᠴᠢᠯ ᠵᠢᠮ᠎ᠡ ᠶᠢ ᠪᠠᠭ᠋ᠠᠲᠣᠨ ᠭᠠᠶᠢᠬᠠᠬᠤ ᠲᠣᠰᠣᠮ ᠲᠡᠷᠲᠡᠭᠡ ᠵᠠᠭᠤᠨ ᠤ ᠴᠢᠨᠠᠲᠣ ᠶᠡᠭᠡ ᠡᠷᠲᠡᠮᠲᠡᠨ ᠯᠣᠪᠰᠠᠩᠴᠦ᠋ᠢᠲᠠᠨ ᠤ ︽ᠲᠡᠭᠷᠢ ᠶᠢᠨ ᠵᠠᠶᠠᠭᠠᠲᠣ ᠲᠣᠬᠲᠠᠭᠰᠠᠨ ᠰᠠᠪᠠ ᠵᠢᠷᠲᠢᠨᠴᠦ ᠶᠢᠨ ᠣᠯᠠᠷᠢᠬᠤ ᠶᠣᠰᠣᠨ ᠨᠠᠷᠠᠨ ᠰᠢᠩᠭᠡᠪᠡᠰᠦ ᠣᠲᠣᠨ ᠭᠠᠷᠬᠤ ᠲᠣᠭᠲᠠᠭᠠᠯ᠂ ᠲᠦᠷᠪᠡᠨ ᠴᠠᠬ ᠤᠨ ᠡᠭᠡᠯᠵᠢᠯᠡᠬᠦ ᠶᠣᠰᠣ ᠡᠳᠦᠷ ᠰᠠᠷ᠎ᠠ ᠪᠠᠷ ᠨᠢᠭᠡᠨ ᠵᠢᠯ ᠭᠡᠮᠡᠨ ᠲᠤᠭ᠎ᠠ ᠲᠣᠪᠴᠢᠶ᠎ᠠ ᠪᠣᠯᠭᠠᠵᠦ ᠶᠠᠪᠣᠬᠤ ᠬᠦᠮᠦᠨ ᠠᠮᠢᠲᠠᠨ ᠤ ᠭᠡᠷᠡᠴᠢ ᠲᠡᠮᠲᠡᠭ︾ ᠭᠡᠰᠡᠨ ᠦᠭᠡ ᠡᠷᠬᠡ ᠦᠭᠡᠢ ᠰᠠᠨᠠᠭᠠᠨ ᠳᠤ ᠣᠷᠣᠨ᠎ᠠ᠃   ᠭᠠᠲᠠᠨ᠎ᠠ ᠭᠠᠷᠤᠯ᠎ᠠ᠃ ᠨᠠᠷᠠ ᠲᠣᠯᠠᠶᠢᠵᠦ᠂ ᠨᠣᠲᠤᠬ ᠪᠣᠴᠠᠬᠤ ᠨᠡᠬᠦᠲᠡᠯ ᠤᠨ ᠰᠢᠪᠠᠭᠤᠳ᠂ ᠰᠣᠨᠣᠷ ᠪᠠᠶᠠᠰᠬᠠᠬᠤ ᠲᠦᠯ ᠤᠨ ᠨᠠᠶᠢᠷᠠᠯ᠂ ᠣᠷᠭᠤᠨ ᠲᠦᠯᠵᠢᠬᠦ ᠬᠦᠬᠡ ᠨᠣᠭᠤᠭ᠎ᠠ᠂ ᠣᠶᠠᠰᠣᠨ ᠬᠠᠶᠢᠯᠬᠤ ᠭᠤᠣᠯ ᠭᠤᠷᠤᠬ᠎ᠠ ᠬᠠᠮᠢᠭ᠎ᠠ ᠰᠠᠢ ᠦᠭᠡᠢ ᠬᠠᠪᠣᠷ ᠤᠨ ᠣᠶᠠᠩᠭ᠎ᠠ ᠲᠠᠭᠤᠣ ᠶᠢ ᠬᠠᠩᠬᠢᠨᠠᠭᠤᠯᠤᠨ᠎ᠠ᠃ᠰᠣᠨᠣᠰᠣᠭᠠᠴᠢ︕ ᠬᠦᠨᠳᠡᠢ ᠵᠢᠯᠠᠭ᠎ᠠ ᠲᠦᠭᠦᠷᠭᠡᠭᠰᠡᠨ ᠰᠢᠩᠭᠡᠨ ᠴᠡᠩᠭᠡᠷ ᠤᠨᠢᠶᠠᠷ ᠤᠨ ᠳᠤᠮᠳᠠᠭᠤᠷ ᠪᠤᠯᠵᠤᠮᠤᠷ ᠰᠢᠪᠠᠭᠤᠳ ᠬᠦᠭᠵᠢᠯᠲᠡᠢ ᠵᠢᠷᠭᠢᠨ ᠬᠠᠪᠤᠷ ᠤᠨ ᠳᠠᠭᠤᠤ ᠶᠢ ᠳᠠᠭᠤᠯᠠᠨ᠎ᠠ᠃    ᠬᠠᠷᠠᠭᠠᠴᠢ︕ ᠰᠠᠯᠬᠢᠨ ᠤ ᠴᠢᠬᠢᠭ ᠢᠶᠠᠷ ᠮᠦᠰᠦ ᠴᠠᠰᠤᠨ ᠤᠶᠠᠷᠠᠬᠤ ᠳᠤ ᠮᠠᠯ ᠰᠦᠷᠦᠭ ᠲᠡᠪᠴᠢᠶᠡᠷᠢ ᠠᠯᠳᠠᠨ ᠡᠭᠡᠪᠦᠷ ᠭᠠᠵᠠᠷ ᠤᠨ ᠬᠦᠷᠦᠰᠦ ᠶᠢ ᠦᠨᠦᠷᠯᠡᠨ᠎ᠡ᠃ ᠰᠢᠨᠡᠬᠡᠨ ᠴᠤᠬᠤᠶᠢᠬᠤ ᠨᠢᠯᠬ᠎ᠠ ᠰᠤᠶᠤᠭ᠎ᠠ ᠦᠰᠦᠨ᠎ᠡ᠂ ᠤᠷᠭᠤᠨ᠎ᠠ ᠬᠡᠮᠡᠨ ᠢᠲᠡᠭᠡᠯ ᠳᠦᠬᠦᠷᠡᠩ ᠰᠤᠭᠤᠷᠠᠵᠤ᠂ ᠦᠭᠡᠳᠡ ᠠᠴᠠ ᠦᠭᠡᠳᠡ ᠪᠠᠨ ᠳᠠᠪᠰᠢᠬᠤ ᠭᠦᠨ ᠠᠮᠢᠰᠬᠤᠭ᠎ᠠ᠂ ᠦᠨᠦᠳᠦᠷ ᠠᠴᠠ ᠮᠠᠷᠭᠠᠰᠢ ᠳᠤ ᠲᠠᠮᠵᠢᠭᠤᠯᠬᠤ ᠮᠢᠲᠠᠷᠠᠬᠤ ᠦᠭᠡᠢ ᠵᠣᠷᠢᠭ ᠢ ᠬᠠᠷᠠᠭᠤᠯᠤᠨ᠎ᠠ᠃   ᠰᠢᠨ᠎ᠠ ᠰᠣᠷᠣᠯᠭ᠎ᠠ ᠶᠢᠨ ᠬᠤᠭᠤᠴᠠᠭ᠎ᠠ ᠪᠠᠨ ᠣᠬᠲᠣᠬᠰᠠᠨ ᠰᠣᠷᠣᠬᠴᠢᠳ ᠴᠦ ᠬᠢᠴᠢᠶᠡᠯ ᠰᠣᠷᠣᠯᠭ᠎ᠠ ᠳᠠᠭᠠᠨ ᠮᠠᠬᠠᠷᠠᠨ ᠵᠢᠳᠬᠦᠵᠦ᠂ ᠬᠤᠲᠠ ᠬᠦᠲᠡᠭᠡ ᠬᠦᠭᠰᠢᠨ ᠵᠠᠯᠠᠭᠤ ᠬᠡᠰᠡᠨ ᠦᠭᠡᠢ ᠣᠷᠢᠬᠠᠨ ᠬᠠᠪᠣᠷ ᠤᠨ ᠦᠩᠭᠡ ᠪᠤᠳᠤᠭ ᠢ ᠵᠢᠷᠤᠭᠯᠠᠨ᠂ ᠲᠠᠭᠤ ᠠᠨᠢᠷ ᠢᠶᠠᠷ ᠪᠠᠭ᠋ᠠᠲᠤᠨ᠎ᠠ᠃ ᠮᠢᠩᠭᠠᠨ ᠠᠮᠢᠲᠠᠳ ᠤᠨ ᠮᠠᠩᠨᠠᠢ ᠲᠡᠶᠢᠢᠬᠦ ᠬᠠᠪᠣᠷ ᠴᠠᠬ ᠭᠡᠵᠦ ᠡᠶᠢᠮᠦ ᠯᠡ ᠶᠠᠭᠠᠷᠠᠯᠲᠠᠢ ᠮᠦᠷᠲᠡᠭᠡᠨ ᠬᠦᠭᠵᠢᠯᠲᠡᠢ ᠠᠵᠢ᠃   ᠬᠠᠪᠤᠷ ᠪᠣᠯ ᠡᠬᠢᠯᠡᠯᠲᠡ ᠮᠦᠷᠲᠡᠭᠡᠨ ᠦᠷᠬᠦᠯᠵᠢᠯᠡᠯ᠃ ᠬᠠᠷᠢᠨ ᠤᠯᠠᠷᠢᠯ ᠤᠨ ᠬᠠᠪᠣᠷ ᠡᠭᠡᠯᠵᠢᠯᠡᠵᠦ ᠦᠷᠭᠦᠯᠵᠢᠯᠡᠳᠡᠭ ᠴᠦ ᠠᠮᠢᠲᠣᠷᠠᠯ ᠤᠨ ᠬᠠᠪᠣᠷ ᠭᠠᠭᠴᠠᠬᠠᠨ ᠳᠤᠬᠢᠶᠠᠯᠳᠤᠳᠠᠭ ᠭᠡᠯᠳᠡᠢ᠃ ᠵᠠᠯᠠᠭᠤ ᠪᠠᠭ᠎ᠠ ᠨᠠᠰᠤᠨ ᠤ ᠵᠢᠪᠠᠷ ᠳᠠᠭᠠᠵᠤ ᠲᠡᠯᠡᠷᠡᠭᠰᠡᠨ ᠬᠡᠦᠬᠡᠳ ᠨᠠᠰᠤᠨ ᠤ ᠣᠨ ᠤ ᠴᠠᠭᠠᠷᠢᠭ ᠬᠦᠭᠡᠷᠦᠬᠦᠨ ᠠᠭᠠᠳ ᠬᠤᠷᠳᠤᠨ ᠭᠢᠯᠠᠰᠴᠦ ᠤᠲᠤᠨ᠎ᠠ᠃ ᠨᠢᠭᠡ ᠪᠤᠳᠤᠪᠠᠯ ᠬᠦᠮᠦᠨ ᠭᠡᠵᠦ ᠤᠷᠭᠤᠵᠤ ᠴᠡᠴᠡᠭᠯᠡᠵᠦ ᠦᠷᠡᠯᠡᠭᠰᠡᠨ ᠤ ᠬᠢᠨᠢ ᠳᠠᠷᠠᠭ᠎ᠠ ᠪᠣᠷᠬᠠᠨ ᠲᠡᠭᠦᠭᠡᠳ ᠶᠠᠪᠤᠴᠢᠬᠠᠳᠠᠭ ᠨᠢᠭᠡᠨ ᠰᠠᠶᠢᠬᠠᠨ ᠵᠢᠮᠢᠰ ᠮᠡᠲᠦ ᠪᠦᠭᠡᠳ ᠠᠮᠢᠳᠤᠷᠠᠯ ᠪᠣᠯ ᠡᠨᠡ ᠬᠦ ᠵᠢᠮᠢᠰ ᠤᠨ ᠣᠷᠭᠤᠬᠤ ᠦᠷᠡᠯᠡᠬᠦ ᠶᠢᠨ ᠲᠦᠯᠦᠭᠡᠨ᠎ᠡ ᠣᠷᠴᠢᠯᠠᠩ ᠤᠨ ᠨᠠᠷᠠᠨ ᠰᠠᠷᠠᠨ ᠤ ᠭᠡᠷᠡᠯ ᠳᠤ ᠦᠩᠭᠡ ᠪᠠᠨ ᠳᠡᠯᠭᠡᠭᠰᠡᠨ ᠶᠠᠪᠤᠴᠠ ᠪᠣᠯᠬᠤ ᠶᠤᠮ᠃ ᠦᠢᠯᠡ ᠦᠷ᠎ᠡ ᠢᠢᠨ ᠡᠨᠡ ᠬᠦ ᠵᠢᠮ᠎ᠠ ᠢᠢ ᠪᠢᠳᠡ ᠬᠦᠨ ᠣᠶᠢᠯᠠᠭᠠᠵᠦ᠂ ᠪᠠᠭ᠎ᠠ ᠵᠠᠯᠠᠭᠤ ᠠᠴᠠ ᠪᠠᠨ ᠦᠰᠴᠦ ᠤᠷᠭᠤᠬᠤ ᠶᠢ ᠡᠭᠡᠨᠡᠭᠳᠡ ᠪᠠᠷᠢᠮᠲᠠᠯᠠᠪᠠᠯ ᠲᠠᠭᠠᠷᠠᠨ᠎ᠠ᠃ ᠣᠴᠢᠷ ᠨᠢ ᠬᠠᠪᠣᠷ ᠲᠠᠷᠢᠪᠠᠯ ᠨᠠᠮᠣᠷ ᠬᠤᠷᠢᠶᠠᠬᠤ ᠭᠡᠵᠦ ᠬᠡᠵᠢᠶᠡᠳᠡ ᠬᠠᠭᠤᠴᠢᠷᠠᠳᠠᠭ ᠦᠭᠡᠢ ᠦᠨᠡᠨ ᠶᠤᠰᠤ ᠪᠤᠶᠤ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号