ᠭᠦᠯᠦᠨ ᠪᠦᠢᠷ ᠬᠤᠳᠠ ᠨᠢ ᠵᠢᠭᠤᠯᠴᠢᠯᠠᠵᠤ ᠵᠤᠭᠠᠯᠠᠬᠤ᠂ ᠡᠰᠡᠪᠡᠯ ᠠᠵᠢᠯ ᠭᠢᠳᠠᠯ ᠦᠷᠨᠢᠭᠦᠯᠭᠦ ᠳᠤ | ᠳᠤᠬᠢᠷᠠᠮᠵᠢᠳᠠᠢ ᠵᠦᠡᠭᠳᠡᠭᠡᠨ ᠤᠯᠠᠨ ᠭᠠᠵᠠᠷ ᠤᠰᠤᠨ ᠲᠠᠢ ᠪᠠᠶᠢᠵᠤ᠂ ᠠᠶᠢᠯᠴᠢᠯᠠᠵᠤ ᠢᠷᠡᠭᠰᠡᠨ ᠳᠠᠨ ᠳᠤ | ᠳᠤᠭᠤᠷᠢᠭᠠᠳ ᠴᠦ ᠪᠠᠷᠠᠬᠤ ᠦᠭᠡᠢ᠂ ᠭᠠᠶᠢᠬᠠᠰᠢᠷᠠᠭᠠᠳ ᠪᠠᠷᠠᠬᠤ ᠦᠭᠡᠢ ᠰᠡᠳᠭᠢᠭᠳᠡᠯ ᠦᠭᠴᠦ᠂ ᠪᠠᠶᠢᠭᠠᠯᠢ | ᠳᠡᠯᠡᠭᠡᠢ ᠶᠢᠨ ᠦᠡᠭᠭᠡ ᠦᠵᠡᠮᠵᠢ ᠨᠢ ᠬᠠᠷᠠᠭ᠎ᠠ ᠶᠢ ᠳᠡᠯᠡᠨ ᠨᠢᠳᠦ ᠶᠢ ᠳᠠᠨᠢ ᠬᠤᠵᠢᠷᠯᠠᠵᠤ᠂ ᠦᠶᠦᠭ ᠵᠦᠭᠡᠯᠡᠨ | ᠭᠦᠮᠦᠨ ᠵᠤᠨ ᠤ ᠭᠢᠨᠢ ᠠᠷᠠᠨᠰᠢᠨ ᠰᠡᠳᠭᠢᠯ ᠢ ᠳᠠᠨᠢ ᠭᠦᠪᠦᠯᠵᠡᠭᠦᠯᠦᠨ ᠰᠠᠯᠵᠤ ᠶᠠᠳᠠᠭᠤᠯᠬᠤ ᠶᠠᠭᠤ ᠮᠠᠭᠠᠳ᠃ | ᠭᠡᠭᠦ ᠳᠡᠭᠡᠨ ᠭᠦᠯᠦᠨ ᠪᠦᠢᠷ ᠭᠡᠳᠡᠭ ᠡᠨᠡ ᠬᠦ ᠭᠠᠶᠢᠬᠠᠮᠰᠢᠬᠳᠠᠢ ᠭᠠᠵᠠᠷ ᠤᠰᠤᠨ ᠪᠠᠰᠠ ᠤᠳᠤ ᠰᠤᠳᠤᠴᠤᠤᠯ ᠢ | ᠭᠦᠮᠦᠵᠢᠭᠦᠯᠳᠡᠭ ᠲᠠᠭᠱᠠᠨ ᠤᠷᠤᠨ ᠶᠤᠮ ᠡ ᠭᠡᠪᠡᠯ ᠲᠠ ᠭᠠᠶᠢᠬᠠᠬᠤ ᠪᠠᠶᠢᠬ᠎ᠠ᠃ ᠢᠡᠭᠭᠢᠭᠦ ᠳᠤ ᠪᠢᠳᠠ ᠭᠦᠯᠦᠨ ᠪᠤᠶᠢᠷ | ᠬᠤᠳᠠ ᠶᠢᠨ ᠡᠸᠡᠩᠭᠢ ᠦᠨᠳᠦᠰᠦᠳᠠᠨ ᠤ ᠦᠪᠡᠷᠳᠡᠭᠡᠨ ᠵᠠᠰᠠᠬᠤ ᠬᠤᠰᠢᠭᠤᠨ ᠤ ᠪᠠᠶᠠᠨᠴᠠᠭᠠᠨ ᠰᠤᠮᠤ ᠶᠢ ᠤᠨᠴᠠᠯᠠᠨ | ᠳᠤᠷᠠᠳᠬᠤ ᠶᠤᠰᠤᠳᠠᠢ ᠰᠠᠨᠠᠭᠳᠠᠨ᠎ᠠ᠃ ᠡᠮᠦᠨ᠎ᠠ ᠭᠡᠳᠦᠨ ᠵᠢᠯ ᠮᠠᠨᠠᠶᠢᠭᠢᠨ ᠳᠤ ᠳ᠋ᠤᠺᠲ᠋ᠤᠷ ᠢᠶᠠᠷ ᠪᠠᠶᠠᠨ ᠨᠤᠳᠤᠭ ᠭᠡᠮᠡᠨ | ᠠᠯᠳᠠᠷᠰᠢᠵᠤ ᠪᠠᠶᠢᠭᠰᠠᠨ ᠪᠤᠯ᠂ ᠠᠳᠠ ᠪᠠᠰᠠ ᠨᠡᠷᠡᠳᠦ ᠭᠦᠮᠦᠰ ᠢᠶᠠᠷ ᠤᠷᠴᠢᠨ ᠦᠶ᠎ᠠ ᠶᠢᠨ ᠳᠠᠤᠭᠡ ᠪᠠᠨ ᠴᠢᠮᠡᠭᠯᠡᠭᠰᠡᠨ | ᠪᠠᠶᠠᠨᠴᠠᠭᠠᠨ ᠰᠤᠮᠤ ᠭᠡᠵᠦ ᠪᠠᠶᠢᠭ᠎ᠠ ᠶᠢ ᠠᠯᠳᠠᠷᠰᠢᠭᠤᠯᠤᠨ ᠳᠠᠨᠢᠯᠴᠠᠭᠤᠯᠤᠮᠠᠷ ᠪᠠᠶᠢᠨ᠎ᠠ᠃ | ᠪᠠᠶᠠᠨᠴᠠᠭᠠᠨ ᠰᠤᠮᠤ ᠨᠢ ᠡᠸᠡᠩᠬᠢ ᠦᠨᠳᠦᠰᠦᠲᠡᠨ ᠤ ᠥᠪᠡᠷᠲᠡᠭᠡᠨ ᠵᠠᠰᠠᠬᠤ ᠬᠤᠰᠢᠭᠤᠨ ᠤ ᠵᠡᠭᠦᠨ ᠬᠤᠶᠢᠲᠤ | ᠬᠡᠰᠡᠭ ᠲᠤ ᠣᠷᠣᠰᠢᠵᠤ᠂ ᠵᠡᠭᠦᠨᠰᠢ ᠪᠠᠨ ᠶᠠᠭᠰᠢ ᠬᠤᠲᠠ ᠲᠠᠢ ᠬᠢᠯᠢᠯᠡᠵᠦ᠂ ᠡᠮᠦᠨᠡᠰᠢ ᠪᠠᠨ ᠰᠢᠨᠡᠬᠡᠨ ᠵᠡᠭᠦᠨ | ᠰᠤᠮᠤ ᠲᠠᠢ ᠵᠠᠯᠭᠠᠯᠳᠤᠵᠤ᠂ ᠵᠠᠰᠠᠭ ᠵᠠᠬᠢᠷᠭᠠᠨ ᠤ ᠣᠷᠣᠨ ᠤ ᠲᠠᠯᠠᠪᠠᠶ ᠨᠢ 929.01 ᠲᠡᠭᠰᠢ ᠳᠥᠷᠪᠡᠯᠵᠢᠨ | ᠺᠢᠯᠣᠮᠧᠲᠷ ᠪᠠᠶᠢᠵᠦ᠂ ᠬᠠᠷᠢᠶ᠎ᠠ ᠭᠠᠵᠠᠷ ᠨᠢ ᠵᠩᠡ ᠬᠢᠩᠭᠠᠨ ᠳᠠᠪᠠᠭ᠎ᠠ ᠶᠢᠨ ᠪᠠᠷᠠᠭᠤᠨ ᠬᠤᠷᠮᠣᠶ ᠠᠴᠠ ᠬᠥᠯᠥᠨ | ᠪᠤᠶᠢᠷ ᠤᠨ ᠲᠠᠯ᠎ᠠ ᠨᠤᠲᠤᠭ ᠵᠦᠭ ᠰᠢᠯᠵᠢᠬᠦ ᠣᠷᠣᠨ ᠪᠦᠰᠡ ᠳᠤ ᠣᠷᠣᠰᠢᠳᠠᠭ ᠪᠦᠭᠡᠳ ᠡᠷᠭᠦᠨ᠎ᠡ ᠭᠤᠣᠯ ᠤᠨ ᠰᠠᠪᠠ | ᠭᠠᠵᠠᠷ ᠲᠤ ᠬᠠᠷᠢᠶᠠᠯᠠᠭᠳᠠᠵᠤ ᠪᠠᠶᠢᠳᠠᠭ ᠢᠶᠠᠷ ᠢᠶᠠᠨ ᠡᠨᠡ ᠨᠤᠳᠤᠭ ᠤᠨ ᠦᠩᠭᠡ ᠦᠵᠡᠮᠵᠢ ᠦᠨᠡᠭᠡᠷ ᠤᠨ ᠳᠡᠭᠦᠰ | ᠰᠠᠶᠢᠬᠠᠨ᠂ ᠶᠤᠰᠤᠳᠠᠢ ᠯᠠ ᠡᠨᠡ ᠰᠠᠶᠢᠬᠠᠨ ᠨᠤᠳᠤᠭ ᠠᠴᠠ ᠳᠡᠶᠢᠮᠦ ᠴᠦ ᠤᠯᠠᠨ ᠮᠡᠷᠭᠡᠳ ᠳᠦᠷᠦᠭᠦ ᠦᠭᠡᠢ ᠴᠦ | ᠶᠠᠭᠠᠭᠢᠬᠤ ᠪᠤᠢ ᠭᠡᠵᠤ ᠤᠤᠯᠭ᠎ᠠ ᠠᠯᠳᠠᠭᠤᠯᠤᠮᠠᠷ ᠶᠤᠮ᠃ | ᠪᠠᠶᠠᠨᠴᠠᠭᠠᠨ ᠰᠤᠮᠤᠨ ᠳᠤ ᠭᠤᠷᠪᠠᠨ ᠠᠯᠳᠠᠷ ᠲᠠᠢ᠂ ︽ᠰᠤᠶᠤᠯ ᠤᠨ ᠦᠯᠦᠭᠡᠢ︾᠂ ︽ᠭᠦᠭᠵᠢᠮ ᠳᠠᠭᠤᠤ ᠶᠢᠨ | ᠦᠯᠦᠭᠡᠢ︾᠂ ︽ᠰᠤᠷᠭᠠᠨ ᠭᠦᠮᠦᠵᠢᠯ ᠤᠨ ᠦᠯᠦᠭᠡᠢ︾᠃ ᠳᠡᠭᠡᠪᠡᠯ ᠪᠠᠶᠠᠨᠴᠠᠭᠠᠨ ᠭᠡᠳᠡᠭ ᠡᠨᠡᠭᠦ ᠵᠢᠵᠢᠭᠭᠡᠨ ᠨᠤᠳᠤᠭ | ᠡᠨᠡ ᠭᠤᠷᠪᠠᠨ ᠠᠯᠳᠠᠷ ᠢᠶᠠᠷ ᠭᠡᠷᠭᠢᠨ ᠳᠢᠳᠢᠮᠯᠡᠵᠤ ᠴᠢᠳᠠᠪᠠ︖ | ᠪᠠᠶᠠᠨᠴᠠᠭᠠᠨ ᠰᠤᠮᠤ ᠶᠢ ᠤᠶᠢᠯᠠᠭᠠᠶ᠎ᠠ ᠭᠡᠪᠡᠯ ᠪᠢᠳᠠ ᠪᠠᠶᠠᠨᠴᠠᠭᠠᠨ ᠰᠤᠮᠤ ᠶᠢᠨ ᠳᠦᠪ ᠳᠡᠭᠡᠷᠡᠭᠢ ︽ᠪᠠᠶᠠᠨᠴᠠᠭᠠᠨ | ᠰᠤᠮᠤᠨ ᠤ ᠨᠡᠷᠡᠳᠦ ᠭᠦᠮᠦᠰ ᠤᠨ ᠦᠵᠡᠰᠭᠦᠯᠡᠩ ᠤᠨ ᠳᠦᠪ︾ ᠲᠤ ᠭᠦᠷᠴᠦ ᠦᠵᠡᠭᠦ ᠤᠴᠢᠷᠳᠠᠢ᠃ ᠡᠨᠡ ᠨᠤᠳᠤᠭ | ᠤᠰᠤᠨ ᠤ ᠭᠦᠮᠦᠨ ᠵᠤᠨ᠂ ᠦᠤᠭᠡ ᠳᠡᠤᠭᠡ ᠶᠢ ᠴᠦᠮ ᠯᠠ ᠡᠨᠡᠭᠦ ᠳᠦᠪ ᠲᠤ ᠪᠠᠭᠳᠠᠭᠠᠵᠤ ᠴᠢᠳᠠᠳᠠᠭ ᠭᠡᠵᠦ ᠭᠡᠯᠡᠵᠤ | ᠪᠤᠯᠤᠮᠠᠷ ᠶᠤᠮ᠃ ᠶᠠᠭ ᠯᠠ ᠳᠠᠳᠠᠨ ᠤ ᠳᠠᠨᠢᠯᠴᠠᠭᠤᠯᠭ᠎ᠠ ᠶᠢᠨ ᠪᠢᠴᠢᠭ ᠳᠡᠭᠡᠷ᠎ᠠ ᠪᠢᠴᠢᠭᠰᠡᠨ ᠰᠢᠭ᠄ ᠪᠠᠶᠠᠨᠴᠠᠭᠠᠨ ᠨᠢ | ᠳᠤᠮᠳᠠᠳᠤ ᠤᠯᠤᠰ ᠤᠨ ᠨᠤᠳᠤᠭ ᠳᠡᠪᠢᠰᠭᠡᠷ ᠲᠤ ᠠᠪᠴᠦ ᠭᠡᠯᠡᠪᠡᠯ ᠵᠦᠪᠭᠡᠨ ᠠᠯᠠᠭᠠᠨ ᠴᠢᠨᠡᠭᠡᠨ ᠭᠠᠵᠠᠷ ᠶᠤᠮ᠂ | ᠭᠡᠪᠡᠴᠦ ᠪᠠᠶᠠᠨᠴᠠᠭᠠᠨ ᠤ ᠭᠦᠮᠦᠰ ᠤᠨ 300 ᠭᠠᠷᠤᠢ ᠵᠢᠯ ᠤᠨ ᠳᠡᠤᠭᠡᠨ ᠬᠤᠪᠢᠷᠠᠯᠳᠠ ᠨᠢ ᠴᠢᠩ ᠤᠯᠤᠰ ᠤᠨ | ᠳᠤᠮᠳᠠᠴᠢ ᠦᠶ᠎ᠠ ᠠᠴᠠ ᠬᠤᠶᠢᠰᠢ ᠳᠤᠮᠳᠠᠳᠤ ᠤᠯᠤᠰ ᠤᠨ ᠤᠷᠴᠢᠨ ᠦᠶ᠎ᠠ ᠶᠢᠨ ᠳᠡᠤᠭᠡ ᠪᠠ ᠤᠳᠤ ᠦᠶ᠎ᠠ ᠶᠢᠨ | ᠳᠠᠤᠭᠡ ᠲᠠᠢ ᠨᠢᠭᠳᠠ ᠬᠤᠯᠪᠤᠭ᠎ᠠ ᠲᠠᠢ᠃ ᠪᠠᠶᠠᠨᠴᠠᠭᠠᠨ ᠤ ᠭᠦᠮᠦᠰ ᠴᠢᠩ ᠤᠯᠤᠰ ᠤᠨ ᠦᠶ᠎ᠠ ᠳᠤ ᠳᠤᠮᠳᠠᠳᠤ ᠶᠢᠨ | ᠦᠨᠳᠦᠰᠦᠳᠠᠨ ᠤ ᠨᠢᠭᠡᠳᠦᠯ ᠢ ᠬᠠᠮᠠᠭᠠᠯᠠᠬᠤ᠂ ᠬᠠᠷᠢ ᠶᠢᠨ ᠺᠤᠯᠤᠨᠢᠴᠢᠯᠡᠯ ᠢ ᠡᠰᠡᠷᠭᠦᠴᠡᠭᠦ ᠳᠠᠶᠢᠨ ᠤ ᠳᠤᠮᠳᠠ ᠪᠠᠯᠠᠷᠠᠰᠢ | ᠦᠭᠡᠢ ᠭᠠᠪᠢᠶ᠎ᠠ ᠵᠢᠳᠭᠦᠯ ᠦᠵᠡᠭᠦᠯᠦᠭᠰᠡᠨ ᠳᠡᠤᠭᠡ ᠶᠢᠨ ᠬᠠᠭᠤᠳᠠᠰᠦ ᠶᠢ ᠪᠢᠴᠢᠭᠯᠡᠭᠰᠡᠨ᠂ ᠢᠷᠭᠡᠨ ᠤᠯᠤᠰ ᠤᠨ | ᠦᠶ᠎ᠠ ᠶᠢᠨ ᠦᠨᠳᠦᠰᠦᠳᠠᠨ ᠤ ᠡᠷᠭᠡ ᠳᠡᠭᠰᠢ ᠦᠨᠳᠦᠰᠦᠳᠠᠨ ᠤ ᠴᠢᠯᠤᠭᠡᠯᠡᠯᠳᠠ ᠶᠢᠨ ᠭᠦᠳᠡᠯᠭᠡᠭᠡᠨ ᠤ ᠬᠤᠪᠢᠰᠬᠠᠯ ᠳᠤ | ᠠᠷᠢᠭᠤᠨ ᠴᠢᠰᠦ ᠪᠠᠨ ᠠᠰᠬᠠᠷᠠᠭᠤᠯᠤᠭᠰᠠᠨ ᠵᠢᠪᠬᠤᠯᠠᠩᠳᠦ ᠳᠡᠤᠭᠡ ᠲᠠᠢ᠂ ᠰᠢᠨ᠎ᠠ ᠳᠤᠮᠳᠠᠳᠤ ᠤᠯᠤᠰ | ᠪᠠᠶᠢᠭᠤᠯᠤᠭᠳᠠᠭᠰᠠᠨ ᠤ ᠳᠠᠷᠠᠭ᠎ᠠ᠂ ᠨᠠᠮ ᠪᠠ ᠳᠦᠷᠦ ᠶᠢᠨ ᠬᠠᠶᠢᠷ᠎ᠠ ᠬᠠᠯᠠᠮᠵᠢᠯᠠᠯ ᠳ᠋ᠤᠤᠷᠠ ᠪᠠᠰᠠ ᠨᠢᠭᠡ ᠪᠦᠯᠦᠭ | ᠨᠡᠶᠢᠭᠡᠮ ᠵᠢᠷᠤᠮ ᠢ ᠪᠦᠳᠦᠭᠡᠨ ᠪᠠᠶᠢᠭᠤᠯᠬᠤ ᠦᠨᠳᠦᠰᠦᠳᠠᠨ ᠤ ᠰᠤᠳᠤᠨ ᠪᠠᠭᠠᠳᠤᠳ ᠴᠤᠯᠭᠤᠷᠠᠨ ᠭᠠᠷᠤᠭᠰᠠᠨ | ᠪᠠᠶᠢᠳᠠᠭ᠃ ᠳᠡᠳᠡᠨᠤᠰ ᠪᠤᠯ ᠪᠠᠶᠠᠨᠴᠠᠭᠠᠨ ᠤ ᠬᠢ᠂ ᠨᠡᠩ ᠴᠦ ᠳᠤᠮᠳᠠᠳᠤ ᠶᠢᠨ ᠦᠨᠳᠦᠰᠦᠳᠠᠨ ᠤ ᠬᠢ ᠶᠤᠮ᠃ | ︽ᠪᠠᠶᠠᠨᠴᠠᠭᠠᠨ ᠰᠤᠮᠤᠨ ᠤ ᠨᠡᠷᠡᠳᠦ ᠭᠦᠮᠦᠰ ᠤᠨ ᠦᠵᠡᠰᠭᠦᠯᠡᠩ ᠤᠨ ᠳᠦᠪ︾ 2005 ᠣᠨ ᠤ 7 ᠰᠠᠷ᠎ᠠ ᠳᠤ | ᠪᠠᠶᠢᠭᠤᠯᠤᠭᠳᠠᠵᠤ ᠡᠷᠦᠭᠡ ᠪᠠᠨ ᠰᠡᠭᠦᠪᠡ᠃ ᠳᠡᠯᠭᠡᠨ ᠦᠵᠡᠭᠦᠯᠬᠦ ᠣᠷᠳᠣᠨ ᠤ ᠲᠣᠭᠤᠷᠢᠭ ᠤᠨ ᠪᠦᠳᠦᠭᠡᠨ | ᠪᠠᠶᠢᠭᠤᠯᠤᠯᠲᠠ ᠶᠢᠨ ᠲᠠᠯᠠᠪᠠᠢ 150 ᠲᠡᠭᠰᠢ ᠳᠥᠷᠪᠡᠯᠵᠢᠨ ᠮᠧᠳ᠋ᠷ ᠪᠠᠶᠢᠳᠠᠭ᠃ ᠳᠡᠯᠭᠡᠨ ᠦᠵᠡᠭᠦᠯᠬᠦ ᠣᠷᠳᠣᠨ ᠤ | ᠪᠦᠳᠦᠭᠡᠨ ᠪᠠᠶᠢᠭᠤᠯᠤᠯᠲᠠ ᠨᠢ ᠪᠠᠶᠠᠨᠴᠠᠭᠠᠨ ᠰᠤᠮᠤ ᠶᠢᠨ ᠡᠯ᠎ᠡ ᠦᠨᠳᠦᠰᠦᠲᠡᠨ ᠤ ᠪᠦᠯᠬᠦᠮᠳᠡᠯ ᠬᠠᠪᠰᠤᠷᠤᠯᠴᠠᠭ᠎ᠠ᠂ | ᠬᠠᠮᠲᠤ ᠶᠢᠨ ᠬᠥᠭᠵᠢᠯᠲᠡ ᠶᠢᠨ ᠦᠷ᠎ᠡ ᠪᠦᠲᠦᠭᠡᠯ ᠢ ᠳᠡᠯᠭᠡᠨ ᠦᠵᠡᠭᠦᠯᠵᠦ᠂ ᠦᠨᠳᠦᠰᠦᠲᠡᠨ ᠤ ᠪᠦᠯᠬᠦᠮᠳᠡᠯ | ᠳᠠᠪᠰᠢᠯᠲᠠ ᠶᠢᠨ ᠦᠢᠯᠡᠰ ᠲᠤ ᠲᠤᠪᠤᠶᠢᠮ᠎ᠠ ᠬᠤᠪᠢ ᠨᠡᠮᠡᠷᠢ ᠦᠵᠡᠭᠦᠯᠦᠭᠰᠡᠨ ᠲᠡᠷᠢᠭᠦᠨ ᠤ ᠬᠥᠮᠦᠰ ᠢ | ᠳᠤᠷᠠᠰᠬᠠᠬᠤ ᠶᠢᠨ ᠬᠠᠮᠲᠤ᠂ ᠡᠭᠦᠨ ᠢᠶᠠᠷ ᠬᠤᠵᠢᠮ ᠤᠨ ᠬᠥᠮᠦᠰ ᠲᠧ ᠬᠢᠯᠪᠡᠷ ᠪᠤᠰᠤ ᠪᠠᠷ ᠣᠯᠤᠭᠰᠠᠨ | ᠦᠨᠳᠦᠰᠦᠲᠡᠨ ᠤ ᠪᠦᠯᠬᠦᠮᠳᠡᠯ᠂ ᠡᠶ᠎ᠡ ᠵᠣᠬᠢᠴᠠᠩᠭᠤᠢ ᠪᠠᠶᠢᠳᠠᠯ ᠢ ᠬᠤᠪᠢ ᠲᠠᠬᠢᠨ ᠨᠠᠨᠳᠢᠩᠨᠠᠬᠤ ᠶᠢ ᠰᠠᠨᠠᠭᠤᠯᠵᠤ | ᠪᠠᠶᠢᠳᠠᠭ ᠭᠡᠯᠳᠡᠢ᠃ | ᠪᠠᠶᠠᠨᠴᠠᠭᠠᠨ ᠤ ᠳᠡᠤᠭᠡ ᠶᠢᠨ ᠨᠡᠷᠡᠳᠦ ᠭᠦᠮᠦᠰ ᠢ ᠶᠠᠷᠢᠬᠤ ᠳᠤ ᠶᠠᠭᠤᠨ ᠤ ᠤᠷᠢᠳ ᠴᠢᠩ ᠤᠯᠤᠰ ᠤᠨ | ᠦᠶ᠎ᠠ ᠶᠢᠨ ᠨᠢᠭᠡᠨ ᠦᠶ᠎ᠠ ᠶᠢᠨ ᠪᠠᠭᠠᠳᠤᠷᠯᠢᠭ ᠵᠠᠩᠵᠤᠨ ᠬᠠᠶᠢᠯᠠᠨᠴᠠ ︵1740 — 1793︶ ᠠᠴᠠ ᠡᠭᠢᠯᠡᠵᠤ | ᠶᠠᠷᠢᠬᠤ ᠶᠤᠰᠤᠳᠠᠢ ᠪᠠᠶᠢᠳᠠᠭ᠃ ᠡᠩ ᠤᠨ ᠨᠢᠭᠡᠨ ᠰᠤᠯᠤᠨ ᠤᠪᠤᠭᠳᠠᠨ ᠤ ᠴᠡᠷᠢᠭ ᠪᠠᠶᠢᠭᠰᠠᠨ ᠠᠴᠠ ᠴᠢᠩ | ᠤᠯᠤᠰ ᠤᠨ ᠳᠡᠭᠷᠢ ᠳᠡᠳᠭᠦᠭᠴᠢ ᠬᠠᠭᠠᠨ ᠤ ᠦᠯᠮᠡᠢ ᠳᠤᠤᠷᠠᠭᠢ ᠳᠡᠷᠢᠭᠦᠨ ᠵᠠᠩᠵᠤᠨ ᠢᠶᠠᠷ ᠡᠷᠭᠦᠮᠵᠢᠯᠡᠭᠳᠡᠭᠰᠡᠨ | ᠬᠠᠶᠢᠯᠠᠨᠴᠠ ᠡᠸᠡᠩᠭᠢ ᠦᠨᠳᠦᠰᠦᠳᠠᠨ ᠤ ᠠᠯᠳᠠᠷ ᠭᠦᠨᠳᠦ ᠶᠢ ᠳᠦᠷᠦ ᠶᠢᠨ ᠦᠨᠳᠦᠷ ᠳᠦᠪᠰᠢᠨ ᠳᠤ ᠭᠦᠷᠳᠡᠯ᠎ᠠ | ᠡᠷᠭᠦᠵᠦ ᠶᠠᠪᠤᠭᠰᠠᠨ ᠭᠦᠮᠦᠨ ᠪᠠᠶᠢᠯ᠎ᠠ᠃ ᠬᠠᠶᠢᠯᠠᠨᠴᠠ ᠨᠢᠭᠡ ᠨᠠᠰᠦ ᠪᠠᠷ ᠢᠶᠠᠨ ᠠᠬᠳᠠ ᠶᠢᠨ ᠨᠢᠷᠤᠭᠤᠨ ᠳᠤ ᠵᠡᠭᠦᠨᠰᠢ | ᠳᠠᠶᠢᠯᠠᠨ ᠪᠠᠷᠠᠭᠤᠨᠰᠢ ᠴᠡᠷᠢᠭᠯᠡᠵᠤ᠂ ᠤᠨᠴᠠᠭᠠᠶᠢᠯᠠᠨ ᠭᠠᠳᠠᠭᠠᠳᠤ ᠶᠢᠨ ᠲᠦᠷᠢᠮᠡᠬᠡᠶᠢᠯᠡᠯ ᠢ ᠡᠰᠡᠷᠭᠦᠴᠡᠬᠦ ᠳᠤᠮᠳᠠ | ᠪᠠᠯᠠᠷᠠᠰᠢ ᠦᠭᠡᠢ ᠭᠠᠪᠢᠶ᠎ᠠ ᠪᠠᠶᠢᠭᠤᠯᠵᠤ᠂ ᠰᠢᠨᠵᠢᠶᠠᠩ᠂ ᠲᠥᠪᠡᠳ᠂ ᠲᠠᠶᠢᠸᠠᠨ ᠢ ᠬᠠᠮᠠᠭᠠᠯᠠᠬᠤ ᠳᠤ ᠤᠷᠤᠯᠠᠭᠤᠯᠵᠤ | ᠴᠢᠳᠠᠰᠢ ᠦᠭᠡᠢ ᠭᠦᠨᠳᠦ ᠵᠢᠳᠭᠦᠯ ᠲᠠᠢ ᠪᠠᠶᠢᠵᠤ᠂ ᠤᠯᠤᠰ ᠣᠷᠣᠨ ᠤ ᠡᠷᠲᠡ ᠦᠶ᠎ᠡ ᠶᠢᠨ ᠨᠢᠭᠡᠳᠦᠯ ᠪᠠ ᠨᠤᠲᠤᠭ | ᠳᠡᠪᠢᠰᠭᠡᠷ ᠤᠨ ᠪᠦᠷᠢᠨ ᠪᠦᠲᠦᠨ ᠪᠠᠶᠢᠬᠤ ᠳᠤ ᠭᠠᠷᠮᠠᠭᠠᠢ ᠬᠤᠪᠢ ᠨᠡᠮᠡᠷᠢ ᠦᠵᠡᠭᠦᠯᠵᠡᠢ᠃ | ᠤᠷᠴᠢᠨ ᠦᠶ᠎ᠠ ᠶᠢᠨ ᠰᠡᠭᠡᠭᠡᠳᠠᠨ ᠳ᠋ᠠᠮᠧᠨ᠋ᠳᠠ᠂ ᠭᠦᠢ ᠹᠦ᠂ ᠤᠯᠤᠰ ᠢᠶᠠᠨ ᠬᠠᠶᠢᠷᠠᠯᠠᠭᠴᠢ ᠰᠡᠭᠡᠭᠡᠳᠠᠨ ᠰᠢᠦ ᠵᠢᠶᠧ᠂ | ᠶᠠᠫᠤᠨ ᠢ ᠡᠰᠡᠷᠭᠦᠴᠡᠭᠰᠡᠨ ᠳᠠᠶᠢᠨ ᠤ ᠦᠷᠡᠭᠳᠡᠭᠰᠡᠨ ᠪᠠᠭᠠᠳᠤᠷ ᠬᠤᠸᠠ ᠯᠢᠨ ᠲᠠᠢ᠂ ᠠᠢ ᠰᠢᠨ ᠲᠠᠢ᠂ ᠨᠸᠡᠭᠳ᠋ᠸᠡᠭᠵᠠᠪ ᠁ | ᠪᠠᠶᠠᠨᠴᠠᠭᠠᠨ ᠤ ᠡᠳᠡᠭᠡᠷ ᠲᠡᠦᠬᠡᠨ ᠭᠦᠮᠦᠰ ᠴᠦᠮ ᠵᠠᠰᠤ ᠴᠢᠰᠤᠨ ᠳᠠᠭᠠᠨ ᠰᠢᠩᠭᠡᠭᠰᠡᠨ ᠭᠡᠮᠡᠷ ᠪᠠᠭᠠᠳᠤᠷ | ᠵᠤᠷᠢᠭᠳᠠᠨ ᠨᠤᠭᠤᠳ᠃ | ᠠᠬᠠᠮᠠᠳ ᠦᠶ᠎ᠠ ᠶᠢᠨ ᠬᠤᠪᠢᠰᠬᠠᠯᠴᠢ ᠰᠦᠭᠡ᠂ ᠠᠷᠢᠶ᠎ᠠ᠂ ᠮᠠᠨᠳᠤᠭᠤᠯᠠᠩ᠂ ᠰᠠᠷᠠᠩᠭᠤ᠋ ᠤᠠ᠋᠂ ᠰᠤᠳᠤᠰᠦᠷᠦᠩ᠂ | ᠰᠦᠸᠡᠷᠮᠠᠳᠰᠦᠷᠦᠩ ᠁ ᠳᠠᠳᠠ ᠭᠡᠳᠦ᠋ᠪᠡᠷ ᠳᠠᠭᠤᠷ ᠡᠸᠡᠩᠭᠢ ᠭᠡᠳ ᠪᠦᠷ ᠤᠨᠳᠦᠦ ᠦᠨᠳᠦᠰᠦᠳᠠᠨ ᠪᠠᠶᠢᠯ᠎ᠠ ᠴᠦ | ᠵᠢᠳᠭᠦᠭᠰᠡᠨ ᠵᠦᠭ ᠨᠢ ᠴᠦᠮ ᠨᠢᠭᠡᠯᠠ ᠪᠠᠶᠢᠭᠰᠠᠨ ᠶᠤᠮ᠃ | ᠤᠷᠴᠢᠨ ᠦᠶ᠎ᠠ ᠶᠢᠨ ᠰᠤᠷᠭᠠᠨ ᠭᠦᠮᠦᠵᠢᠯ ᠤᠨ ᠵᠢᠳᠭᠦᠯᠳᠠᠨ — ᠭᠦᠸᠧ ᠳ᠋ᠤᠤ ᠹᠦ | ᠠᠳᠡ ᠤᠨᠴᠠᠯᠠᠨ ᠳᠤᠷᠠᠳᠤᠭᠤᠰᠢᠳᠠᠢ ᠨᠢ ᠰᠡᠬᠡᠭᠡᠷᠡᠭᠰᠡᠨ ᠲᠣᠮᠣᠭᠠᠲᠠᠨ ᠷᠦᠩ ᠯᠦ᠃ ᠨᠠᠰᠤᠨ ᠲᠤᠷᠰᠢ ᠳᠠᠭᠠᠨ | ᠲᠥᠪ ᠴᠢᠭᠡᠴᠢ᠂ ᠶᠠᠳᠠᠭᠤ ᠶᠢ ᠲᠡᠳᠬᠦᠨ ᠪᠠᠭᠤᠷᠠᠶ ᠶᠢ ᠲᠡᠩᠭᠡᠷᠡᠭᠦᠯᠭᠦ ᠶᠢᠨ ᠲᠥᠯᠥᠭᠡ ᠮᠥᠩᠭᠦ ᠳᠦᠭᠦᠷᠢᠭ ᠬᠠᠶᠢᠷᠠᠯᠠᠯ | ᠦᠭᠡᠢ ᠬᠠᠨᠳᠢᠪᠯᠠᠨ ᠰᠤᠷᠭᠠᠭᠤᠯᠢ ᠡᠷᠭᠢᠯᠡᠵᠦ᠂ ᠭᠦᠸᠧ ᠳ᠋ᠤᠤ ᠹᠦ᠋ ︵ᠬᠥᠪᠡᠭᠦᠨ︶ ᠢᠢᠨ ᠰᠤᠷᠭᠠᠨ ᠬᠥᠮᠦᠵᠢᠯ | ᠡᠷᠭᠢᠯᠡᠬᠦ ᠶᠢ ᠵᠣᠷᠢᠭᠵᠢᠭᠤᠯᠤᠨ᠂ ᠬᠤᠪᠢᠰᠬᠠᠯᠲᠤ ᠵᠠᠯᠠᠭᠤᠴᠤᠳ ᠤᠨ ᠵᠥᠪᠯᠡᠯᠲᠦ ᠳᠤ ᠣᠴᠢᠵᠤ ᠰᠤᠷᠤᠯᠴᠠᠬᠤ ᠶᠢ | ᠳᠡᠮᠵᠢᠵᠦ᠂ ᠭᠠᠳᠠᠭᠠᠳᠤ ᠶᠢᠨ ᠲᠦᠷᠢᠮᠡᠬᠡᠶᠢᠯᠡᠯ ᠢ ᠡᠰᠡᠷᠭᠦᠴᠡᠨ ᠬᠤᠷᠢᠭᠯᠠᠵᠤ᠂ ᠨᠤᠲᠤᠭ ᠤᠰᠤ ᠪᠠᠨ ᠬᠠᠮᠠᠭᠠᠯᠠᠨ᠂ | ᠤᠯᠤᠰ ᠣᠷᠣᠨ ᠤ ᠴᠢᠯᠥᠭᠡᠯᠡᠯᠲᠡ ᠶᠢ ᠬᠥᠭᠡᠭᠡᠴᠡᠯᠳᠦᠬᠦ ᠶᠢᠨ ᠲᠥᠯᠥᠭᠡ ᠨᠠᠰᠤᠨ ᠲᠤᠷᠰᠢᠳᠠ ᠲᠡᠮᠡᠴᠡᠵᠡᠶ᠃ | ᠷᠦᠡᠭ ᠯᠦ ᠰᠢᠭ ᠲᠡᠶᠢᠮᠦ ᠰᠠᠭᠡᠭᠡᠷᠡᠭᠰᠡᠨ ᠠᠪᠤ᠂ ᠠᠬᠠᠮᠠᠳ ᠦᠶ᠎ᠠ ᠪᠠᠶᠢᠭ᠎ᠠ ᠦᠭᠡᠢ ᠪᠤᠯ ᠤᠷᠴᠢᠨ ᠦᠶ᠎ᠠ ᠶᠢᠨ | ᠰᠤᠷᠭᠠᠨ ᠭᠦᠮᠦᠵᠢᠯ ᠤᠨ ᠳᠤᠮᠤ ᠵᠢᠳᠭᠦᠯᠳᠠᠨ᠂ ᠬᠤᠪᠢᠰᠬᠠᠯᠴᠢ᠂ ᠡᠷᠳᠡᠮᠳᠡᠨ ᠭᠦᠸᠧ ᠳ᠋ᠤᠤ ᠹᠦ ᠭᠡᠷᠭᠢᠨ ᠪᠠᠶᠢᠵᠤ | ᠴᠢᠳᠠᠬᠤ ᠪᠢᠯᠠ᠃ ᠭᠦᠸᠧ ᠳ᠋ᠤᠤ ᠹᠦ᠋ ᠰᠢᠭ ᠡᠶᠢᠮᠦ ᠳᠤᠮᠤ ᠰᠤᠷᠭᠠᠨ ᠭᠦᠮᠦᠵᠢᠯ ᠤᠨ ᠵᠢᠳᠭᠦᠯᠳᠡᠨ ᠪᠠᠶᠢᠭ᠎ᠠ ᠦᠭᠡᠢ | ᠪᠤᠯ ᠨᠡᠷᠡᠳᠦ ᠭᠦᠮᠦᠰ ᠤᠨ ᠴᠠᠳᠢᠭ ᠲᠠᠬᠢ ᠲᠠᠷᠠ ᠤᠯᠠᠨ ᠡᠷᠳᠡᠮᠳᠡᠨ ᠰᠡᠭᠡᠭᠡᠳᠠᠨ ᠪᠠᠰᠠ ᠭᠡᠷᠭᠢᠨ ᠪᠠᠶᠢᠵᠤ ᠴᠢᠳᠠᠬᠤ | ᠪᠢᠯᠠ ᠭᠡᠵᠤ ᠭᠡᠯᠡᠵᠤ ᠪᠤᠯᠤᠮᠠᠷ ᠶᠤᠮ᠃ ᠦᠨᠡᠭᠡᠷ ᠭᠦᠸᠧ ᠳ᠋ᠤᠤ ᠹᠦ ᠶᠢᠨ ᠰᠤᠷᠭᠠᠨ ᠭᠦᠮᠦᠵᠢᠯ ᠢ ᠠᠳᠬᠤᠵᠤ | ᠰᠤᠷᠭᠠᠭᠤᠯᠢ ᠡᠷᠭᠢᠯᠡᠭᠦ ᠦᠵᠡᠯ ᠰᠠᠨᠠᠭ᠎ᠠ ᠳᠡᠶᠢᠮᠦ ᠡᠷᠳᠠ ᠮᠠᠨ ᠤ ᠡᠨᠡᠭᠦ ᠳᠤᠳᠤᠷ ᠤᠷᠤᠨ ᠳᠤ ᠵᠠᠢ ᠡᠵᠡᠯᠡᠵᠦ᠂ ᠨᠢᠭᠡᠨ | ᠭᠠᠵᠠᠷ ᠤᠷᠤᠨ᠂ ᠨᠢᠭᠡᠨ ᠴᠠᠭ ᠦᠶ᠎ᠠ ᠶᠢ ᠮᠡᠳᠡᠯᠭᠡ ᠤᠶᠤᠨ ᠢᠶᠠᠷ ᠰᠠᠭᠡᠭᠡᠷᠡᠭᠦᠯᠦᠭᠡ ᠦᠭᠡᠢ ᠪᠠᠶᠢᠭᠰᠠᠨ ᠪᠤᠯ | ᠳᠤᠬᠠᠢ ᠶᠢᠨ ᠦᠶ᠎ᠠ ᠶᠢᠨ ᠰᠤᠷᠭᠠᠨ ᠭᠦᠮᠦᠵᠢᠯ ᠤᠨ ᠦᠢᠯᠡᠰ ᠪᠠᠰᠠ ᠭᠡᠴᠢᠨᠡᠨ ᠵᠢᠯ ᠬᠤᠶᠢᠰᠢᠯᠠᠭᠳᠠᠬᠤ ᠶᠢ ᠭᠡᠨ ᠴᠦ | ᠭᠡᠯᠡᠵᠤ ᠴᠢᠳᠠᠬᠤ ᠦᠭᠡᠢ ᠶᠤᠮ᠃ | ᠭᠦᠸᠧ ᠳ᠋ᠤᠤ ᠹᠦ — ᠪᠠᠶᠠᠨᠴᠠᠭᠠᠨ ᠰᠤᠮᠤ ᠶᠢᠨ ᠮᠡᠭᠡᠷᠳᠦ ᠳᠤᠰᠬᠤᠨ ᠤ ᠭᠦᠮᠦᠨ᠂ ᠳᠠᠭᠤᠷ ᠦᠨᠳᠦᠰᠦᠳᠠᠨ᠂ | ᠨᠢᠭᠡ ᠨᠠᠰᠤᠨ ᠳᠠᠭᠠᠨ ᠦᠨᠳᠦᠰᠦᠲᠡᠨ ᠤ ᠴᠢᠯᠥᠭᠡᠯᠡᠯᠲᠡ ᠶᠢᠨ ᠦᠢᠯᠡᠰ ᠢ ᠬᠥᠭᠡᠭᠡᠴᠡᠯᠳᠦᠵᠦ᠂ ᠰᠤᠷᠭᠠᠨ ᠬᠥᠮᠦᠵᠢᠯ | ᠡᠷᠭᠢᠯᠡᠭᠦ ᠪᠠᠷ ᠳᠠᠮᠵᠢᠨ ᠬᠤᠪᠢᠰᠬᠠᠯ ᠤᠨ ᠦᠵᠡᠯ ᠰᠠᠨᠠᠭ᠎ᠠ ᠶᠢ ᠤᠬᠠᠭᠤᠯᠤᠨ ᠰᠤᠷᠳᠠᠯᠴᠢᠯᠠᠵᠤ᠂ ᠰᠤᠷᠤᠭᠴᠢᠳ ᠤᠨ | ᠤᠯᠤᠰ ᠢᠶᠠᠨ ᠬᠠᠶᠢᠷᠠᠯᠠᠬᠤ ᠦᠵᠡᠯ ᠤᠨ ᠬᠥᠮᠦᠵᠢᠯ ᠪᠣᠯᠤᠨ ᠦᠨᠳᠦᠰᠦᠲᠡᠨ ᠤ ᠪᠦᠯᠬᠦᠮᠳᠡᠯ ᠤᠨ ᠬᠥᠮᠦᠵᠢᠯ ᠢ ᠮᠠᠰᠢ | ᠴᠢᠬᠤᠯᠠᠴᠢᠯᠠᠵᠤ᠂ ᠵᠠᠯᠠᠭᠤᠴᠤᠳ ᠢ ᠬᠤᠪᠢᠰᠬᠠᠯ ᠳᠤ ᠣᠷᠣᠯᠴᠠᠬᠤ ᠶᠢ ᠵᠣᠷᠢᠭᠵᠢᠭᠤᠯᠵᠤ ᠪᠠᠶᠢᠵᠠᠢ᠃ | ᠦᠨᠦᠳᠦᠷ ᠤᠨ ᠵᠠᠭᠤ ᠭᠠᠷᠤᠢ ᠵᠢᠯ ᠤᠨ ᠳᠡᠤᠭᠡ ᠲᠠᠢ ᠬᠠᠶᠢᠯᠠᠷ ᠤᠨ ᠨᠢᠭᠡᠳᠦᠭᠡᠷ ᠳᠤᠮᠳᠠᠳᠤ ᠰᠤᠷᠭᠠᠭᠤᠯᠢ ᠶᠢᠨ | ᠤᠤᠯ ᠰᠤᠷᠭᠠᠭᠤᠯᠢ ᠶᠢ ᠳᠤᠬᠠᠢ ᠶᠢᠨ ᠦᠶ᠎ᠠ ᠳᠤ ᠭᠦᠸᠧ ᠳ᠋ᠤᠤ ᠹᠦ ᠠᠪᠤᠭᠠᠢ ᠪᠠᠶᠢᠭᠤᠯᠤᠭᠰᠠᠨ ᠶᠤᠮ᠃ ᠳᠠᠷᠠ ᠪᠠᠰᠠ | ᠲᠦᠷᠦᠭᠰᠡᠨ ᠨᠤᠳᠤᠭ ᠪᠠᠶᠠᠨᠴᠠᠭᠠᠨ ᠳᠠᠭᠠᠨ ᠮᠡᠭᠡᠷᠳᠦ ᠪᠠᠭ᠎ᠠ ᠰᠤᠷᠭᠠᠭᠤᠯᠢ ᠶᠢ ᠪᠠᠶᠢᠭᠤᠯᠵᠤ᠂ ᠰᠡᠭᠦᠯ ᠳᠤᠨᠢ ᠪᠠᠰᠠ | ᠵᠡᠭᠦᠨ ᠬᠤᠶᠢᠲᠤ ᠶᠢᠨ ᠦᠨᠳᠦᠰᠦᠲᠡᠨ ᠤ ᠪᠠᠭᠰᠢ ᠶᠢᠨ ᠰᠤᠷᠭᠠᠭᠤᠯᠢ ᠶᠢ ᠡᠭᠦᠰᠭᠡᠨ ᠪᠠᠶᠢᠭᠤᠯᠵᠠᠢ᠃ | 1917 ᠣᠨ ᠤ ᠡᠪᠦᠯ ᠬᠠᠶᠢᠯᠠᠷ ᠲᠤ ᠭᠠᠳᠠᠭᠠᠳᠤ ᠳᠤ ᠰᠤᠷᠤᠯᠴᠠᠭᠠᠳ ᠨᠤᠲᠤᠭ ᠲᠠᠭᠠᠨ ᠪᠤᠴᠠᠭᠰᠠᠨ | ᠰᠤᠷᠤᠭᠴᠢᠳ ᠲᠠᠢ ᠬᠤᠯᠪᠣᠭᠠᠯᠠᠨ ᠰᠤᠷᠤᠭᠴᠢᠳ ᠤᠨ ᠵᠥᠪᠯᠡᠯ ᠢ ᠪᠠᠶᠢᠭᠤᠯᠵᠤ᠂ ᠵᠠᠯᠠᠭᠤᠴᠤᠳ ᠤᠨ ᠰᠤᠷᠤᠯᠴᠠᠬᠤ | ᠠᠷᠭ᠎ᠠ ᠵᠢᠴᠢ ᠤᠯᠤᠰ ᠲᠦᠷᠦ ᠶᠢᠨ ᠠᠰᠠᠭᠤᠳᠠᠯ ᠢ ᠶᠠᠷᠢᠯᠴᠠᠵᠤ᠂ ᠬᠤᠵᠢᠮ ᠨᠢ ᠡᠨᠡ ᠬᠦ ᠰᠠᠭᠤᠷᠢᠨ ᠳᠡᠭᠡᠷ᠎ᠡ ᠬᠥᠯᠥᠨ | ᠪᠤᠶᠢᠷ ᠤᠨ ᠵᠠᠯᠠᠭᠤᠴᠤᠳ ᠤᠨ ᠨᠠᠮ ᠢ ᠪᠠᠶᠢᠭᠤᠯᠵᠦ᠂ 1918 ᠣᠨ ᠳᠤ ᠬᠠᠶᠢᠯᠠᠷ ᠲᠤ ᠥᠪᠡᠷ ᠤᠨ ᠭᠡᠷ | ᠪᠠᠶᠢᠰᠢᠩ ᠢᠶᠠᠷ ᠢᠶᠠᠨ ᠰᠤᠷᠭᠠᠭᠤᠯᠢ ᠪᠠᠶᠢᠭᠤᠯᠪᠠ᠃ | ᠳᠤᠬᠠᠢ ᠶᠢᠨ ᠦᠶ᠎ᠡ ᠶᠢᠨ ᠬᠤᠴᠤᠷᠤᠩᠭᠤᠢ ᠶᠠᠳᠠᠭᠤ᠂ ᠲᠥᠭᠡᠷᠢᠭᠳᠡᠯ ᠳᠡᠯᠴᠢᠯᠡᠯᠳᠠ ᠶᠢᠨ ᠡᠮᠦᠨ᠎ᠠ᠂ ᠰᠡᠭᠡᠭᠡᠳᠠᠨ | ᠭᠦᠸᠧ ᠳ᠋ᠤᠤ ᠹᠦ ᠶᠠᠭᠤᠨ ᠤ ᠤᠷᠢᠳ ᠰᠤᠷᠭᠠᠨ ᠭᠦᠮᠦᠵᠢᠯ ᠢᠶᠠᠷ ᠤᠯᠤᠰ ᠦᠨᠳᠦᠰᠦᠳᠠᠨ ᠢᠶᠠᠨ ᠰᠠᠭᠡᠭᠡᠷᠡᠭᠦᠯᠭᠦ ᠶᠢ | ᠪᠤᠳᠤᠵᠤ ᠤᠯᠤᠭᠰᠠᠨ ᠪᠠᠶᠢᠵᠠᠢ᠃ ᠳᠠᠷᠠ ᠰᠤᠷᠭᠠᠭᠤᠯᠢ ᠪᠠᠶᠢᠭᠤᠯᠬᠤ ᠪᠠᠷ ᠳᠠᠮᠵᠢᠨ ᠠᠷᠠᠳ ᠤᠨ ᠤᠶᠤᠨ ᠤᠬᠠᠭᠠᠨ ᠢ | ᠰᠡᠩᠬᠡᠷᠡᠭᠦᠯᠵᠦ᠂ ᠬᠥᠯᠥᠨ ᠪᠤᠶᠢᠷ ᠤᠨ ᠰᠤᠷᠤᠭᠴᠢᠳ ᠤᠨ ᠵᠥᠪᠯᠡᠯ ᠢ ᠳᠠᠶᠢᠴᠢᠯᠠᠨ ᠵᠣᠬᠢᠶᠠᠨ ᠪᠠᠶᠢᠭᠤᠯᠬᠤ ᠪᠠᠷ | ᠳᠠᠮᠵᠢᠨ ᠳᠤᠮᠳᠠᠳᠤ ᠶᠢᠨ ᠦᠨᠳᠦᠰᠦᠲᠡᠨ ᠤ ᠴᠢᠯᠥᠭᠡᠯᠡᠯᠲᠡ ᠶᠢᠨ ᠦᠢᠯᠡᠰ ᠤᠨ ᠬᠥᠭᠵᠢᠯᠲᠡ ᠳᠤ ᠯᠤᠲᠤ ᠶᠡᠭᠡ ᠬᠤᠪᠢ | ᠨᠡᠮᠡᠷᠢ ᠦᠵᠡᠭᠦᠯᠵᠡᠢ᠃ | ᠳᠠᠷᠠ ᠨᠢᠭᠡ ᠦᠶ᠎ᠠ ᠳᠤ ᠬᠦᠯᠦᠨ ᠪᠤᠶᠢᠷ ᠤᠨ ᠪᠠᠶᠠᠨᠴᠠᠭᠠᠨ ᠠᠴᠠ ᠴᠤᠯᠭᠤᠷᠠᠭᠰᠠᠨ ᠹᠦ᠋ ᠮᠢᠩ ᠲᠠᠢ᠂ ᠬᠤᠸᠠ ᠯᠢᠨ | ᠵᠡᠷᠭᠡ ᠦᠨᠳᠦᠰᠦᠳᠠᠨ ᠤ ᠴᠢᠯᠦᠭᠡᠯᠡᠯᠳᠠ ᠶᠢᠨ ᠬᠤᠪᠢᠰᠬᠠᠯᠴᠢᠳ ᠴᠦᠮ ᠭᠦᠸᠧ ᠳ᠋ᠤᠤ ᠹᠦ ᠶᠢᠨ ᠨᠦᠯᠦᠭᠡ ᠶᠢ | ᠭᠦᠷᠳᠡᠭᠰᠡᠨ ᠪᠠᠶᠢᠳᠠᠭ᠂ ᠳᠤᠬᠠᠢ ᠶᠢᠨ ᠦᠶ᠎ᠠ ᠳᠤ ᠤᠷᠤᠰ ᠮᠤᠩᠭᠤᠯ ᠪᠤᠷᠢᠶᠠᠳ ᠢ ᠱᠤᠤᠭᠢᠭᠤᠯᠵᠤ ᠪᠠᠶᠢᠭᠰᠠᠨ ᠳᠠᠭᠤᠷ | ᠦᠨᠳᠦᠰᠦᠳᠠᠨ ᠤ ᠬᠤᠪᠢᠰᠬᠠᠯᠴᠢ ︽ᠳᠠᠪᠤᠨ ᠦᠭᠢᠨ︾ — ᠬᠠᠢ ᠷᠦᠢ᠂ ᠭᠦᠢ ᠷᠦᠢ᠂ ᠰᠦᠡᠭ ᠰᠢᠶᠠᠨ᠂ ᠷᠸᠡ | ᠰᠢᠶᠠᠨ᠂ ᠮᠸᠡᠭ ᠰᠢᠶᠠᠨ ᠴᠦᠮ ᠪᠠᠶᠠᠨᠴᠠᠭᠠᠨ ᠤ ᠭᠦᠮᠦᠨ ᠪᠦᠭᠡᠳ ᠭᠦᠸᠧ ᠳ᠋ᠤᠤ ᠹᠦ ᠶᠢᠨ ᠱᠠᠪᠢᠨᠠᠷ ᠪᠠᠶᠢᠵᠤ | ᠦᠡᠭᠭᠡᠷᠡᠭᠰᠡᠨ ᠶᠤᠮ᠃ ᠲᠡᠳᠡ ᠳᠤᠮᠳᠠᠳᠤ ᠶᠢᠨ ᠦᠨᠳᠦᠰᠦᠲᠡᠨ ᠤ ᠴᠢᠯᠥᠭᠡᠯᠡᠯᠲᠡ ᠪᠠ ᠤᠯᠤᠰ ᠣᠷᠣᠨ ᠤ | ᠨᠢᠭᠡᠳᠦᠯ ᠤᠨ ᠦᠢᠯᠡᠰ ᠢ ᠲᠡᠮᠡᠴᠡᠨ ᠤᠯᠬᠤ ᠶᠢᠨ ᠲᠥᠯᠥᠭᠡ ᠥᠪᠡᠷ ᠤᠨ ᠠᠯᠢᠪᠠ ᠪᠠᠨ ᠵᠣᠷᠢᠭᠤᠯᠪᠠ᠃ | ᠤᠳᠤ ᠦᠶ᠎ᠠ ᠳᠤ ᠭᠦᠷᠦᠭᠡᠳ ᠴᠦ ᠭᠡᠰᠡᠨ ᠪᠠᠶᠠᠨᠴᠠᠭᠠᠨ ᠠᠴᠠ ᠪᠦᠭᠦ ᠤᠯᠤᠰ ᠤᠨ ᠰᠢᠯᠢᠳᠡᠭ ᠪᠠᠭᠰᠢ ᠰᠦᠭᠡ᠂ | ᠳᠡᠷᠢᠭᠦᠨ ᠤ ᠰᠤᠷᠭᠠᠨ ᠭᠦᠮᠦᠵᠢᠯ ᠤᠨ ᠠᠵᠢᠯᠳᠠᠨ ᠠᠯᠳᠠᠨᠬᠭᠤ᠋ ᠤᠠ᠋᠂ ᠡᠦ ᠴᠠᠩ ᠬᠠᠢ ᠭᠡᠳ ᠬᠤᠶᠢᠨ᠎ᠠ | ᠬᠤᠶᠢᠨ᠎ᠠ ᠠᠴᠠ ᠪᠠᠨ ᠴᠤᠯᠭᠤᠷᠠᠭᠰᠠᠨ ᠶᠤᠮ᠃ | ᠦᠨᠦᠳᠦᠷ᠂ ᠭᠦᠸᠧ ᠳ᠋ᠤᠤ ᠹᠦ ᠶᠢᠨ ᠪᠠᠶᠠᠨᠴᠠᠭᠠᠨ ᠳᠠᠬᠢ ᠬᠠᠭᠤᠴᠢᠨ ᠰᠠᠭᠤᠷᠢᠰᠢᠯ ᠳᠠᠷᠡ ᠭᠡᠪ ᠢᠶᠠᠷ ᠢᠶᠠᠨ | ᠦᠯᠡᠳᠡᠭᠳᠡᠵᠤ ᠪᠠᠶᠢᠭ᠎ᠠ ᠪᠦᠭᠡᠳ ᠳᠤᠬᠠᠢ ᠶᠢᠨ ᠭᠠᠵᠠᠷ ᠤᠨ ᠵᠠᠰᠠᠭ ᠤᠨ ᠤᠷᠳᠤᠨ ᠵᠠᠰᠠᠨ ᠰᠢᠨᠡᠳᠭᠡᠵᠤ᠂ ᠦᠪᠯᠠᠨ | ᠬᠠᠮᠠᠭᠠᠯᠠᠭᠰᠠᠨ ᠪᠠᠶᠢᠳᠠᠭ᠃ ᠳᠠᠷᠠᠴᠢᠯᠠᠨ ᠬᠠᠭᠤᠴᠢᠨ ᠰᠤᠷᠭᠠᠭᠤᠯᠢ ᠶᠢᠨ ᠪᠠᠭᠤᠷᠢ ᠨᠢ ᠮᠦᠨ ᠴᠦ ᠮᠡᠭᠡᠷᠳᠦ | ᠳᠤᠰᠬᠤᠨ ᠳᠤ ᠪᠠᠶᠢᠭ᠎ᠠ ᠪᠦᠭᠡᠳ ᠬᠤᠵᠢᠮ ᠤᠨ ᠭᠦᠮᠦᠰ ᠲᠤ ᠵᠤᠷᠢᠭᠵᠢᠭᠤᠯᠤᠯ ᠰᠡᠩᠭᠡᠷᠡᠭᠦᠯᠦᠯ ᠪᠤᠯᠤᠭᠰᠠᠭᠠᠷ ᠪᠠᠶᠢᠭ᠎ᠠ | ᠶᠤᠮ᠃ ᠪᠠᠶᠠᠨᠴᠠᠭᠠᠨ ᠠᠴᠠ ᠢᠡᠭᠭᠢᠵᠤ ᠦᠶ᠎ᠠ ᠶᠢᠨ ᠦᠶ᠎ᠠ ᠳᠤ ᠰᠤᠷᠭᠠᠨ ᠭᠦᠮᠦᠵᠢᠯᠳᠠᠨ ᠭᠠᠷᠳᠠᠭ ᠤᠨ ᠤᠴᠢᠷ | ᠤᠳᠭ᠎ᠠ ᠨᠢ ᠠᠳᠠ ᠪᠠᠶᠢᠳᠠᠭ ᠠᠵᠢ᠃ | ᠤᠳᠭ᠎ᠠ ᠤᠷᠠᠯᠢᠭ᠂ ᠮᠡᠳᠡᠯᠭᠡ ᠮᠡᠷᠭᠡᠵᠢᠯ ᠤᠨ ᠠᠯᠳᠠᠨ ᠦᠯᠦᠭᠡᠢ — ᠪᠠᠶᠠᠨᠴᠠᠭᠠᠨ | ︽ᠪᠠᠶᠠᠨᠴᠠᠭᠠᠨ ᠰᠤᠮᠤᠨ ᠤ ᠨᠡᠷᠡᠳᠦ ᠭᠦᠮᠦᠰ ᠤᠨ ᠦᠵᠡᠰᠭᠦᠯᠡᠩ ᠤᠨ ᠳᠦᠪ︾ ᠢᠶᠠᠷ ᠳᠤᠭᠤᠷᠢᠨ ᠦᠵᠡᠪᠠᠯ | ᠳᠠ᠎ᠠ ᠢ ᠦᠪᠡᠷ ᠤᠨ ᠡᠷᠭᠡ ᠦᠭᠡᠢ ᠭᠠᠶᠢᠬᠠᠰᠢᠷᠠᠭᠤᠯᠬᠤ ᠶᠤᠰᠤᠲᠠᠢ ᠨᠢᠭᠡᠨ ᠵᠦᠢᠯ ᠭᠡᠪᠡᠯ᠂ ᠡᠨᠡᠭᠦ ᠵᠢᠵᠢᠭ ᠰᠤᠮᠤ ᠠᠴᠠ | ᠭᠡᠴᠢᠨᠠᠨ ᠤᠯᠠᠨ ᠤᠯᠤᠰ ᠤᠷᠤᠨ ᠳᠤ ᠨᠡᠷ᠎ᠠ ᠪᠠᠨ ᠠᠯᠳᠠᠷᠰᠢᠭᠤᠯᠤᠭᠰᠠᠨ ᠤᠷᠠᠯᠢᠭᠴᠢᠨ ᠠᠶᠠᠯᠭᠤ ᠵᠤᠭᠢᠶᠠᠭᠴᠢ | ᠭᠠᠷᠤᠭᠰᠠᠨ ᠳᠤᠨᠢ ᠪᠠᠶᠢᠳᠠᠭ᠂ ᠡᠨᠡ ᠨᠤᠳᠤᠭ ᠤᠨ ᠬᠠᠯᠠᠭᠤᠨ ᠭᠦᠷᠦᠰᠦᠨ ᠳᠤ ᠤᠷᠠᠯᠢᠭ ᠰᠤᠶᠤᠯ ᠤᠨ ᠠᠷᠢᠭᠤᠨ | ᠰᠢᠮ᠎ᠠ ᠤᠨᠳᠤᠷᠴᠤ ᠪᠠᠶᠢᠳᠠᠭ ᠴᠦ ᠪᠤᠯᠪᠠᠤ ᠭᠡᠵᠤ ᠪᠤᠳᠤᠭᠳᠠᠭᠤᠯᠤᠮᠠᠷ ᠶᠤᠮ᠃ ᠪᠠᠶᠠᠨᠴᠠᠭᠠᠨ ᠨᠢ ᠠᠶᠠᠯᠭᠤ | ᠬᠥᠭᠵᠢᠮ ᠤᠨ ᠨᠤᠲᠤᠭ ᠬᠡᠮᠡᠨ ᠨᠡᠷᠡᠯᠡᠭᠳᠡᠵᠦ᠂ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠠᠴᠠ ᠨᠠᠭᠠᠰᠢ ᠮᠠᠰᠢ | ᠤᠯᠠᠨ ᠰᠢᠯᠢᠳᠡᠭ ᠬᠥᠭᠵᠢᠮᠴᠢᠨ ᠪᠠ ᠪᠥᠵᠢᠭᠴᠢᠨ ᠴᠣᠯᠭᠤᠷᠠᠨ ᠭᠠᠷᠴᠠᠢ᠂ ᠲᠡᠳᠡ ᠤᠳᠭ᠎ᠠ ᠤᠷᠠᠯᠢᠭ ᠤᠨ ᠵᠣᠬᠢᠶᠠᠨ | ᠪᠦᠲᠦᠭᠡᠯᠭᠡ ᠪᠠᠷ ᠰᠢᠨ᠎ᠡ ᠴᠠᠭ ᠦᠶ᠎ᠡ ᠶᠢ ᠮᠠᠭᠲᠠᠨ ᠳᠠᠭᠤᠯᠠᠵᠤ᠂ ᠢᠳᠡᠪᠬᠢ ᠬᠦᠴᠦᠨ ᠢ ᠤᠯᠠᠮᠵᠢᠯᠠᠨ᠂ | ᠦᠨᠳᠦᠰᠦᠲᠡᠨ ᠤ ᠪᠦᠯᠬᠦᠮᠳᠡᠯ ᠲᠠᠪᠰᠢᠯᠳᠠ ᠶᠢ ᠠᠬᠢᠭᠤᠯᠪᠠ᠃ | |