ᠴᠠᠭᠠᠨ ᠰᠠᠷ᠎ᠠ ᠶᠢᠨ ᠵᠣᠯᠭᠠᠯᠲᠠ ᠶᠢᠨ ᠶᠣᠰᠤᠨ
ᠨᠡᠶᠢᠲᠡᠯᠡᠭᠰᠡᠨ ᠴᠠᠭ᠄
2023/2/8
    ᠴᠠᠭᠠᠨ ᠰᠠᠷ᠎ᠠ ᠶᠢᠨ ᠵᠣᠯᠭᠠᠯᠲᠠ ᠶᠢᠨ ᠶᠣᠰᠤᠨ ᠪᠣᠯ ᠴᠠᠭᠠᠨ ᠰᠠᠷ᠎ᠠ ᠳᠤ ᠠᠭᠤᠯᠵᠠᠨ ᠮᠡᠨᠳᠦᠴᠢᠯᠡᠬᠦ ᠶᠣᠰᠤᠨ ᠢ ᠵᠢᠭᠠᠨ᠎ᠠ᠃ ᠡᠭᠦᠨ ᠳᠤ ᠬᠠᠳᠠᠭ ᠢᠶᠠᠷ ᠵᠣᠯᠭᠠᠬᠤ᠂ ᠬᠦᠬᠦᠷ ᠢᠶᠠᠷ ᠵᠣᠯᠭᠠᠬᠤ᠂ ᠳᠠᠯᠤ ᠮᠦᠷᠥ ᠪᠠᠷ ᠵᠣᠯᠭᠠᠬᠤ᠂ ᠪᠡᠯᠡᠭ ᠢᠶᠠᠷ ᠵᠣᠯᠭᠠᠬᠤ᠂ ᠰᠦᠭᠦᠷᠡᠵᠦ ᠵᠣᠯᠭᠠᠬᠤ ᠵᠡᠷᠭᠡ ᠪᠣᠢ᠃ ᠬᠠᠳᠠᠭ ᠢᠶᠠᠷ ᠵᠣᠯᠭᠠᠬᠤ — ᠬᠠᠳᠠᠭ ᠪᠠᠷᠢᠨ ᠮᠦᠷᠭᠦᠵᠦ ᠵᠣᠯᠭᠠᠳᠠᠭ ᠵᠠᠩᠰᠢᠯ᠃ ᠬᠡᠦᠬᠡᠳ ᠠᠴᠢ ᠨᠠᠷ ᠨᠢ ᠡᠪᠦᠭᠡ ᠡᠮᠡᠭᠡ᠂ ᠡᠴᠢᠭᠡ ᠡᠬᠡ ᠵᠡᠷᠭᠡ ᠠᠬᠠᠮᠠᠳ ᠨᠠᠰᠤᠲᠠᠳ ᠢᠶᠠᠨ ᠬᠦᠨᠳᠦᠳᠭᠡᠨ ᠰᠠᠭᠤᠯᠭᠠᠭᠰᠠᠨ ᠤ ᠳᠠᠷᠠᠭ᠎ᠠ᠂ ᠬᠠᠳᠠᠭ ᠭᠠᠷᠭᠠᠨ ᠬᠤᠶᠠᠷ ᠭᠠᠷ ᠢᠶᠠᠷ ᠢᠶᠠᠨ ᠳᠡᠯᠭᠡᠨ ᠪᠠᠷᠢᠭᠠᠳ ᠰᠦᠭᠦᠷᠡᠵᠦ ᠮᠦᠷᠭᠦᠨ᠎ᠡ᠃ ᠠᠬᠠᠮᠠᠳ ᠨᠠᠰᠤᠲᠠᠳ ᠨᠢ ᠴᠤ ᠬᠤᠭᠤᠰᠤᠨ ᠭᠠᠷ ᠢᠶᠠᠷ ᠪᠣᠰᠤᠳ ᠤᠨ ᠬᠠᠳᠠᠭ ᠢ ᠲᠣᠰᠤᠨ ᠠᠪᠳᠠᠭ ᠦᠭᠡᠢ ᠲᠤᠯᠠ ᠮᠦᠨ ᠬᠠᠳᠠᠭ ᠭᠠᠷᠭᠠᠨ ᠬᠤᠶᠠᠷ ᠭᠠᠷ ᠳᠡᠭᠡᠷ᠎ᠡ ᠪᠠᠨ ᠳᠡᠯᠭᠡᠨ ᠪᠠᠷᠢᠭᠰᠠᠨ ᠬᠡᠪ ᠢᠶᠠᠷ ᠪᠣᠰᠤᠳ ᠤᠨ ᠬᠠᠳᠠᠭ ᠢ ᠲᠣᠰᠤᠨ ᠠᠪᠳᠠᠭ᠃ ᠥᠶ᠎ᠡ ᠬᠤᠷᠠᠭ ᠤᠨ ᠬᠦᠮᠦᠰ ᠪᠣᠯ ᠬᠠᠷᠢᠯᠴᠠᠨ ᠬᠠᠳᠠᠭ ᠤᠨ ᠠᠮᠠ ᠪᠠᠨ ᠠᠭᠤᠯᠵᠠᠭᠤᠯᠤᠨ ᠵᠣᠭᠰᠤᠭ᠎ᠠ ᠪᠠᠷ ᠢᠶᠠᠨ ᠵᠣᠯᠭᠠᠨ᠎ᠠ᠃ ᠡᠷ᠎ᠡ ᠡᠮ᠎ᠡ ᠬᠤᠶᠠᠭᠤᠯᠠ ᠬᠠᠷᠢᠯᠴᠠᠨ ᠵᠣᠯᠭᠠᠯᠲᠠ ᠬᠢᠳᠡᠭ ᠦᠭᠡᠢ᠃     ᠬᠦᠬᠦᠷ ᠢᠶᠠᠷ ᠵᠤᠯᠭᠠᠯᠬᠤ — ᠬᠠᠷᠢᠯᠴᠠᠨ ᠬᠦᠬᠦᠷ ᠪᠠᠷᠢᠵᠤ ᠵᠣᠯᠭᠠᠳᠠᠭ ᠵᠠᠩᠰᠢᠯ᠃ ᠵᠠᠯᠠᠭᠤ ᠪᠠᠭᠠᠴᠤᠳ᠂ ᠳᠡᠭᠦᠦ ᠨᠠᠷ ᠬᠦᠮᠦᠨ ᠠᠬᠠᠮᠠᠳ ᠨᠠᠰᠤᠲᠠᠨ ᠳᠠᠭᠠᠨ ᠰᠢᠨ᠎ᠡ ᠵᠢᠯ ᠤᠨ ᠠᠮᠤᠷ ᠠᠶᠢᠯᠠᠳᠬᠠᠭᠰᠠᠨ ᠤ ᠳᠠᠷᠠᠭ᠎ᠠ ᠬᠦᠬᠦᠷ ᠢᠶᠠᠨ ᠭᠠᠷᠭᠠᠨ ᠬᠤᠶᠠᠷ ᠭᠠᠷ ᠢᠶᠠᠷ ᠢᠶᠠᠨ ᠡᠷᠭᠦᠨ ᠪᠠᠷᠢᠨ᠎ᠠ᠃ ᠠᠬᠠᠮᠠᠳ ᠬᠦᠮᠦᠨ ᠴᠤ ᠥᠪᠡᠷ ᠤᠨ ᠬᠦᠬᠦᠷ ᠢᠶᠠᠨ ᠵᠦᠷᠢᠭᠦᠯᠦᠨ ᠬᠠᠷᠢᠭᠤ ᠪᠠᠷᠢᠨ᠎ᠠ᠃ ᠠᠬᠠᠮᠠᠳ ᠬᠦᠮᠦᠨ ᠤ ᠬᠦᠬᠦᠷ ᠢ ᠬᠢᠴᠢᠶᠡᠩᠭᠦ᠋ᠢᠯᠡᠨ ᠲᠤᠰᠴᠤ ᠠᠪᠤᠭᠠᠳ ᠮᠠᠩᠨᠠᠢ ᠳᠡᠭᠡᠷ᠎ᠡ ᠪᠠᠨ ᠠᠳᠢᠰᠯᠠᠭᠠᠳ ᠡᠭᠡᠭᠦᠯᠦᠨ ᠪᠠᠷᠢᠳᠠᠭ᠃ ᠥᠶ᠎ᠡ ᠬᠤᠷᠠᠭ ᠤᠨ ᠬᠦᠮᠦᠰ ᠪᠣᠯ ᠵᠤᠭᠰᠤᠭᠰᠠᠨ ᠶᠤᠰᠤᠭᠠᠷ ᠢᠶᠠᠨ ᠬᠦᠬᠦᠷ ᠢᠶᠠᠨ ᠲᠤᠯᠭᠠᠨ ᠰᠤᠯᠢᠯᠴᠠᠵᠤ ︽ᠰᠠᠶᠢᠨ ᠰᠢᠨᠡᠯᠡᠪᠡᠦ ᠤᠤ︖︾ ᠭᠡᠵᠦ ᠬᠠᠷᠢᠯᠴᠠᠨ ᠠᠰᠠᠭᠤᠯᠴᠠᠨ ᠵᠣᠯᠭᠠᠨ᠎ᠠ᠃ ᠨᠡᠷ᠎ᠡ ᠬᠦᠨᠳᠦᠲᠦ ᠬᠦᠮᠦᠰ ᠪᠣᠶᠤ ᠦᠨᠳᠦᠷ ᠨᠠᠰᠤᠲᠠᠨ ᠲᠠᠢ ᠬᠦᠬᠦᠷ ᠰᠣᠯᠢᠯᠴᠠᠭᠰᠠᠨ ᠤ  ᠪᠠᠨ ᠳᠠᠷᠠᠭ᠎ᠠ ᠬᠦᠨᠳᠦᠳᠭᠡᠯ ᠳᠠᠭᠤᠳᠠᠯᠭ᠎ᠠ ᠪᠠᠷ ᠨᠢ ᠳᠠᠭᠤᠳᠠᠨ ᠮᠦᠷᠭᠦᠨ ᠶᠣᠰᠤᠯᠠᠵᠤ ᠢᠷᠦᠭᠡᠯ ᠢ ᠨᠢ ᠬᠦᠷᠲᠡᠳᠡᠭ᠃ ᠳᠠᠯᠤ ᠮᠦᠷᠥ ᠪᠠᠷ ᠵᠣᠯᠭᠠᠬᠤ — ᠥᠶ᠎ᠡ ᠬᠤᠷᠠᠭ ᠤᠨ ᠬᠦᠮᠦᠰ ᠠᠭᠤᠯᠵᠠᠬᠤ ᠳᠠᠭᠠᠨ ᠬᠠᠷᠢᠯᠴᠠᠨ ᠲᠡᠪᠡᠷᠢᠯᠴᠡᠨ ᠬᠤᠶᠠᠷ ᠭᠠᠷ ᠢᠶᠠᠷ ᠨᠦᠬᠦᠭᠡ ᠬᠦᠮᠦᠨ ᠤ ᠪᠠᠨ ᠳᠠᠯᠤ ᠶᠢ ᠱᠦᠷᠭᠦᠭᠡᠵᠦ ᠵᠣᠯᠭᠠᠳᠠᠭ ᠵᠠᠩᠰᠢᠯ ᠢ ᠬᠡᠯᠡᠨ᠎ᠡ᠃     ᠪᠡᠯᠡᠭ ᠢᠶᠠᠷ ᠵᠣᠯᠭᠠᠬᠤ — ᠴᠠᠭᠠᠨ ᠰᠠᠷ᠎ᠠ ᠳᠤ ᠨᠢᠭᠤᠷ ᠠᠭᠤᠯᠵᠠᠨ ᠵᠣᠯᠭᠠᠵᠤ ᠴᠢᠳᠠᠬᠤ ᠦᠭᠡᠢ ᠬᠦᠮᠦᠰ ᠪᠣᠰᠤᠳ ᠢᠶᠠᠷ ᠶᠠᠮᠠᠷ ᠨᠢᠭᠡᠨ ᠵᠦᠢᠯ ᠤᠨ ᠥᠴᠦᠬᠡᠨ ᠪᠡᠯᠡᠭ ᠳᠠᠮᠵᠢᠭᠤᠯᠤᠨ ᠬᠦᠷᠭᠡᠵᠦ ᠰᠢᠨ᠎ᠡ ᠵᠢᠯ ᠤᠨ ᠵᠣᠯᠭᠠᠯᠲᠠ ᠪᠣᠯᠭᠠᠳᠠᠭ ᠵᠠᠩᠰᠢᠯ᠃ ᠰᠦᠭᠦᠷᠡᠵᠦ ᠵᠣᠯᠭᠠᠬᠤ — ᠠᠬᠠᠮᠠᠳ ᠭᠦᠮᠦᠨ ᠲᠠᠢ ᠠᠭᠤᠯᠵᠠᠬᠤ ᠳᠠᠭᠠᠨ ᠬᠤᠶᠠᠷ ᠭᠠᠷ ᠢᠶᠠᠨ ᠪᠠᠷᠠᠭᠤᠨ ᠡᠪᠦᠳᠦᠭ ᠳᠡᠭᠡᠷ᠎ᠡ ᠪᠠᠨ ᠲᠠᠯᠪᠢᠨ ᠪᠠᠷᠠᠭᠤᠨ ᠡᠪᠦᠳᠦᠭ ᠢᠶᠠᠨ ᠪᠣᠰᠬᠠᠨ ᠵᠡᠭᠦᠨ ᠡᠪᠦᠳᠦᠭ ᠢᠶᠠᠨ ᠭᠠᠵᠠᠷ ᠲᠤᠯᠭᠠᠨ ᠲᠣᠯᠤᠭᠠᠢ ᠪᠠᠨ ᠪᠦᠬᠦ᠋ᠢᠰᠭᠢᠵᠦ᠄ ︽ᠪᠡᠶ᠎ᠡ ᠠᠮᠤᠷᠬᠠᠨ ᠤᠤ︖︾᠂ ︽ᠠᠮᠤᠷ ᠰᠠᠶᠢᠨ ᠰᠢᠨᠡᠯᠡᠪᠡᠦ ᠤᠤ︖︾ ᠭᠡᠵᠦ ᠠᠮᠤᠷ ᠠᠰᠠᠭᠤᠳᠠᠭ ᠵᠠᠩᠰᠢᠯ ᠢ ᠬᠡᠯᠡᠨ᠎ᠡ᠃
 
ᠢᠷᠡᠯᠲᠡ᠄ ᠵᠠᠬᠢᠷᠭ᠎ᠠ ᠶᠢᠨ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号