ᠳᠤᠮᠳᠠᠳᠤ ᠤᠯᠤᠰ ᠤᠨ ᠤᠯᠠᠮᠵᠢᠯᠠᠯᠲᠤ ᠬᠦᠭᠵᠢᠮ ᠤᠳ
ᠨᠡᠶᠢᠲᠡᠯᠡᠭᠰᠡᠨ ᠴᠠᠭ᠄
2023/2/8
    ᠳᠤᠮᠳᠠᠳᠤ ᠤᠯᠤᠰ ᠤᠨ ᠡᠷᠲᠡᠨ ᠤ ᠰᠤᠩᠭᠤᠳᠠᠭ ᠳᠠᠭᠤᠤ ᠬᠦᠭᠵᠢᠮ ᠪᠣᠯ ᠭᠡᠷᠡᠯ ᠰᠠᠴᠤᠷᠠᠩᠭᠤᠢ ᠤᠯᠠᠮᠵᠢᠯᠠᠯᠲᠤ ᠰᠣᠶᠤᠯ ᠤᠨ ᠴᠢᠬᠤᠯᠠ ᠨᠢᠭᠡᠨ ᠪᠦᠷᠢᠯᠳᠦᠬᠦᠨ ᠬᠡᠰᠡᠭ ᠪᠠᠶᠢᠵᠤ᠂ ᠡᠳᠦᠭᠡ ᠪᠣᠯᠲᠠᠯ᠎ᠠ ᠨᠠᠢᠮᠠ ᠶᠢᠰᠦᠨ ᠮᠢᠩᠭᠠᠨ ᠵᠢᠯ ᠤᠨ ᠲᠡᠦᠬᠡ ᠲᠠᠢ ᠪᠢᠯᠡ᠃ ᠥᠨᠤᠳᠦᠷ ᠪᠣᠯᠲᠠᠯ᠎ᠠ ᠤᠯᠠᠮᠵᠢᠯᠠᠭᠳᠠᠭᠰᠠᠨ ᠡᠭᠡᠰᠢᠭ ᠠᠶᠠᠰ ᠨᠢ ᠲᠦᠢᠯ ᠤᠨ ᠡᠯᠪᠡᠭ ᠪᠠᠶᠠᠯᠢᠭ ᠶᠤᠮ᠃ ᠡᠭᠦᠨ ᠤ ᠳᠣᠲᠤᠷ᠎ᠠ ᠵᠠᠷᠢᠮ ᠨᠢ ᠪᠠᠶᠠᠷ ᠬᠦᠷ ᠲᠠᠢ᠂ ᠵᠠᠷᠢᠮ ᠨᠢ ᠢᠷᠠᠭᠤ ᠰᠠᠶᠢᠬᠠᠨ᠂ ᠵᠠᠷᠢᠮ ᠨᠢ ᠠᠭᠤᠵᠢᠭᠤ ᠲᠠᠶᠢᠪᠤᠭᠤ᠂ ᠵᠠᠷᠢᠮ ᠨᠢ ᠬᠦᠭᠵᠢᠶᠡᠨ ᠨᠠᠷᠭᠢᠶᠠᠨᠲᠠᠢ ᠪᠠᠶᠢᠳᠠᠭ᠃ ᠡᠳᠡᠭᠡᠷ ᠡᠷᠲᠡᠨ ᠤ ᠰᠤᠩᠭᠤᠳᠠᠭ ᠳᠠᠭᠤᠤ ᠬᠦᠭᠵᠢᠮ ᠢ ᠬᠦᠭᠵᠢᠮᠳᠡᠬᠦ ᠳᠤ ᠳᠤᠮᠳᠠᠳᠤ ᠤᠯᠤᠰ ᠤᠨ ᠣᠯᠠᠨ ᠲᠥᠷᠦᠯ ᠤᠨ ᠤᠯᠠᠮᠵᠢᠯᠠᠯᠲᠤ ᠬᠦᠭᠵᠢᠮ ᠢ ᠬᠡᠷᠡᠭᠯᠡᠨ᠎ᠡ᠃ ᠳᠤᠮᠳᠠᠳᠤ ᠤᠯᠤᠰ ᠤᠨ ᠤᠯᠠᠮᠵᠢᠯᠠᠯᠲᠤ ᠬᠦᠭᠵᠢᠮ ᠢ ᠥᠯᠢᠶᠡᠬᠦ ᠬᠦᠭᠵᠢᠮ᠂ ᠬᠤᠭᠤᠷᠳᠠᠬᠤ ᠬᠦᠭᠵᠢᠮ᠂ ᠴᠢᠪᠬᠠᠳᠠᠬᠤ ᠬᠦᠭᠵᠢᠮ᠂ ᠳᠡᠯᠡᠳᠦᠭᠦᠷ ᠬᠦᠭᠵᠢᠮ ᠭᠡᠵᠦ ᠳᠥᠷᠪᠡᠨ ᠶᠡᠭᠡ ᠲᠥᠷᠦᠯ ᠬᠤᠪᠢᠶᠠᠵᠤ ᠪᠣᠯᠤᠨ᠎ᠠ᠃ ᠥᠯᠢᠶᠡᠬᠦ ᠬᠦᠭᠵᠢᠮ ᠳᠤ ᠦᠷᠬᠦᠯᠵᠢ ᠲᠣᠬᠢᠶᠠᠯᠳᠤᠳᠠᠭ ᠨᠢ ᠯᠢᠮᠪᠤ᠂ ᠪᠢᠰᠭᠢᠭᠦᠷ᠂ ᠬᠤᠯᠤᠰ ᠵᠡᠷᠭᠡ ᠪᠣᠯᠤᠨ᠎ᠠ᠃ ᠣᠯᠠᠩᠬᠢ ᠨᠢ ᠬᠤᠯᠤᠰᠤ ᠪᠣᠶᠤ ᠮᠣᠳᠤ ᠪᠠᠷ ᠬᠢᠭᠰᠡᠨ ᠪᠦᠭᠡᠳ ᠬᠡᠳᠦᠨ ᠨᠥᠬᠡ ᠲᠠᠢ᠂ ᠬᠤᠷᠤᠭᠤ ᠪᠠᠷ ᠢᠶᠠᠨ ᠠᠳᠠᠯᠢ ᠪᠣᠰᠤ ᠨᠦᠬᠡ ᠶᠢ ᠳᠠᠷᠤᠪᠠᠯ ᠠᠳᠠᠯᠢ ᠪᠣᠰᠤ ᠠᠶ᠎ᠠ ᠭᠠᠷᠳᠠᠭ᠃ ᠬᠤᠭᠤᠷᠳᠠᠬᠤ ᠬᠦᠭᠵᠢᠮ ᠳᠤ ᠬᠤᠶᠠᠷ ᠤᠳᠠᠰᠤᠲᠤ ᠬᠤᠭᠤᠷ᠂ ᠮᠣᠷᠢᠨ ᠬᠤᠭᠤᠷ ᠵᠡᠷᠭᠡ ᠨᠣᠮᠤ ᠪᠠᠷ ᠬᠤᠭᠤᠷᠳᠠᠬᠤ ᠬᠦᠭᠵᠢᠮ ᠪᠠᠶᠢᠳᠠᠭ᠃ ᠴᠢᠪᠬᠠᠳᠠᠬᠤ ᠬᠦᠭᠵᠢᠮ ᠭᠡᠵᠦ ᠴᠢᠪᠬᠠᠳᠠᠬᠤ ᠲᠣᠪᠰᠢᠬᠤ ᠬᠦᠭᠵᠢᠮ ᠢ ᠵᠢᠭᠠᠵᠤ᠂ ᠬᠦᠨᠳᠡᠯᠡᠨ ᠪᠠ ᠪᠣᠰᠤᠭ᠎ᠠ ᠬᠤᠶᠠᠷ ᠵᠦᠢᠯ ᠪᠠᠶᠢᠨ᠎ᠠ᠃    ᠬᠦᠨᠳᠡᠯᠡᠨ ᠮᠠᠶ᠋ᠢᠭ ᠤᠨ ᠴᠢᠪᠬᠠᠳᠠᠵᠤ ᠲᠣᠪᠰᠢᠬᠤ ᠬᠦᠭᠵᠢᠮ ᠨᠢ ᠳᠣᠯᠤᠭᠠᠨ ᠴᠢᠪᠬᠠᠳᠠᠰᠤᠲᠤ ᠶᠠᠲᠤᠭ᠎ᠠ᠂ ᠶᠠᠲᠤᠭ᠎ᠠ ᠪᠠᠷ ᠲᠥᠯᠦᠭᠡᠯᠡᠭᠴᠢ ᠪᠣᠯᠭᠠᠳᠠᠭ︔ ᠪᠣᠰᠤᠭ᠎ᠠ ᠮᠠᠶ᠋ᠢᠭ ᠤᠨ ᠴᠢᠪᠬᠠᠳᠠᠵᠤ ᠲᠣᠪᠰᠢᠬᠤ ᠬᠦᠭᠵᠢᠮ ᠨᠢ ᠫᠢᠫᠠ᠂ ᠱᠠᠨᠵᠠ ᠪᠠᠷ ᠲᠥᠯᠦᠭᠡᠯᠡᠭᠦᠯᠳᠡᠭ᠃ ᠡᠭᠦᠨ ᠳᠤ᠂ ᠳᠣᠯᠤᠭᠠᠨ ᠴᠢᠪᠬᠠᠳᠠᠰᠤᠲᠤ ᠶᠠᠲᠤᠭ᠎ᠠ ᠨᠢ ︽ᠶᠠᠲᠤᠭ᠎ᠠ ᠰᠢᠲᠠᠷ᠎ᠠ ᠪᠢᠴᠢᠯᠭᠡ ᠵᠢᠷᠤᠭ︾ ᠳᠥᠷᠪᠡᠨ ᠲᠥᠷᠦᠯ ᠤᠨ ᠤᠷᠠᠯᠢᠭ ᠤᠨ ᠲᠡᠷᠢᠭᠦᠨ ᠳᠤ ᠣᠷᠤᠳᠠᠭ᠃ ᠴᠢᠪᠬᠠᠳᠠᠵᠤ ᠲᠣᠪᠰᠢᠬᠤ ᠬᠦᠭᠵᠢᠮ  ᠨᠢ ᠬᠤᠭᠤᠷᠳᠠᠬᠤ ᠬᠦᠭᠵᠢᠮ ᠲᠠᠢ ᠠᠳᠠᠯᠢ ᠪᠠᠷ ᠪᠦᠷ ᠴᠢᠪᠬᠠᠳᠠᠬᠤ ᠶᠢᠨ ᠴᠡᠴᠡᠷᠬᠢᠯᠡᠯ ᠢᠶᠠᠷ ᠳᠠᠮᠵᠢᠨ ᠳᠠᠭᠤ ᠡᠭᠦᠰᠭᠡᠳᠡᠭ᠂ ᠢᠯᠭᠠᠭ᠎ᠠ ᠨᠢ ᠭᠡᠪᠡᠯ᠂ ᠴᠢᠪᠬᠠᠳᠠᠵᠤ ᠲᠣᠪᠰᠢᠬᠤ ᠬᠦᠭᠵᠢᠮ ᠨᠢ ᠬᠦᠭᠵᠢᠮ ᠤᠨ ᠨᠣᠮᠤ ᠬᠡᠷᠡᠭᠯᠡᠬᠦ ᠦᠭᠡᠢ ᠂ ᠬᠠᠷᠢᠨ ᠬᠤᠷᠤᠭᠤ ᠪᠣᠶᠤ ᠢᠯᠳᠡᠰᠦ ᠪᠠᠷ ᠴᠢᠪᠬᠠᠳᠠᠵᠤ ᠳᠠᠭᠤ ᠭᠠᠷᠭᠠᠳᠠᠭ᠃ ᠳᠡᠯᠡᠳᠦᠭᠦᠷ ᠬᠦᠭᠵᠢᠮ ᠳᠤ ᠭᠤᠣᠯᠳᠠᠭᠤ ᠬᠠᠷᠠᠩᠭ᠎ᠠ᠂ ᠬᠡᠩᠭᠡᠷᠭᠡ᠂ ᠬᠠᠪᠲᠠᠰᠤ ᠵᠡᠷᠭᠡ ᠪᠠᠶᠢᠳᠠᠭ᠂ ᠬᠤᠣᠱᠠᠩ ᠤᠨ ᠴᠣᠬᠢᠳᠠᠭ ᠭᠠᠨᠳᠢ ᠴᠤ ᠳᠡᠯᠡᠳᠬᠦ ᠬᠦᠭᠵᠢᠮ ᠤᠨ ᠨᠢᠭᠡ ᠵᠦᠢᠯ ᠪᠣᠯᠤᠨ᠎ᠠ᠃ ᠵᠸᠦ ᠤᠯᠤᠰ ᠤᠨ ᠥᠶ᠎ᠡ ᠳᠤ᠂ ᠬᠦᠮᠦᠰ ᠬᠦᠷᠡᠯ ᠢᠶᠠᠷ ᠶᠡᠭᠡ ᠪᠠᠭ᠎ᠠ ᠨᠢ ᠠᠳᠠᠯᠢ ᠪᠣᠰᠤ ᠠᠯᠲᠠᠨ ᠬᠦᠭᠦᠷᠭᠡ ᠴᠢᠳᠬᠤᠵᠤ᠂ ᠳᠡᠰ ᠳᠠᠷᠠᠭᠠᠯᠠᠯ ᠢᠶᠠᠷ ᠨᠢ ᠡᠯᠭᠦᠭᠡᠳ᠂ ᠤᠷᠲᠤ ᠰᠢᠳᠠᠮ ᠢᠶᠠᠷ ᠴᠣᠬᠢᠵᠤ᠂ ᠦᠨᠳᠦᠷ ᠪᠣᠭᠤᠨᠢ ᠨᠢ ᠠᠳᠠᠯᠢ ᠪᠣᠰᠤ ᠳᠠᠭᠤ ᠭᠠᠷᠭᠠᠳᠠᠭ᠂ ᠡᠨᠡ ᠪᠣᠯ ᠳᠠᠷᠤᠢ ᠪᠢᠳᠡᠨ ᠤ ᠮᠦᠽᠸᠢ ᠳᠤ ᠣᠯᠵᠤ ᠦᠵᠡᠳᠡᠭ ᠵᠢᠭᠳᠡᠯᠡᠭᠰᠡᠨ ᠠᠯᠲᠠᠨ ᠬᠦᠭᠦᠷᠭᠡ ᠪᠣᠯᠤᠨ᠎ᠠ᠃ ᠡᠳᠡᠭᠡᠷ ᠤᠯᠠᠮᠵᠢᠯᠠᠯᠲᠤ ᠬᠦᠭᠵᠢᠮ ᠤᠨ ᠬᠡᠯᠪᠡᠷᠢ ᠨᠢ ᠣᠯᠠᠨ ᠶᠠᠩᠵᠤ ᠶᠢᠨ ᠪᠠᠶᠢᠳᠠᠭ᠂ ᠬᠡᠷᠡᠭᠯᠡᠬᠦ ᠮᠠᠲ᠋ᠧᠷᠢᠶᠠᠯ ᠨᠢ ᠴᠤ ᠡᠯᠳᠡᠪ ᠶᠠᠩᠵᠤ ᠶᠢᠨ ᠪᠠᠶᠢᠳᠠᠭ ᠪᠣᠯᠬᠤᠷ ᠴᠦᠮ ᠥᠪᠡᠷᠮᠢᠴᠡ ᠠᠶᠠᠰ ᠤᠨ ᠥᠩᠭᠡ ᠪᠠ ᠬᠡᠪ ᠨᠠᠮᠪᠠ ᠲᠠᠢ ᠪᠠᠶᠢᠵᠤ᠂ ᠲᠤᠰᠠᠭᠠᠷ ᠨᠢ ᠬᠦᠭᠵᠢᠮᠳᠡᠵᠦ ᠪᠣᠯᠬᠤ ᠪᠦᠭᠡᠳ ᠪᠣᠰᠤᠳ ᠬᠦᠭᠵᠢᠮ ᠲᠠᠢ ᠬᠠᠮᠲᠤᠷᠠᠨ ᠬᠦᠭᠵᠢᠮᠳᠡᠵᠦ ᠪᠣᠯᠳᠠᠭ ᠠᠴᠠ ᠬᠦᠮᠦᠰ ᠲᠤ ᠬᠢᠵᠠᠭᠠᠯᠠᠰᠢ ᠦᠭᠡᠢ ᠭᠤᠸ᠎ᠠ ᠰᠠᠶᠢᠬᠠᠨ ᠤ ᠬᠦᠷᠲᠡᠭᠡᠯ ᠣᠯᠭᠤᠳᠠᠭ᠃   
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号