ᠰᠦᠨᠢᠵᠢᠨ ᠠᠨᠢᠪᠴᠢᠯᠠᠬᠤ ᠤᠲᠤᠳ ᠢ ᠬᠠᠷᠠᠭᠠᠳ ᠨᠦᠢᠷ ᠬᠤᠯᠵᠢᠭᠤᠯᠲᠠᠭ ᠨᠠᠪᠲᠠᠭᠠᠷ ᠪᠤᠷᠤ ᠭᠡᠷ ᠮᠢᠨᠢ ᠲᠠᠨᠲᠠ | ᠪᠤᠢ᠂ ᠨᠠᠰᠤᠨ ᠪᠠᠭ᠎ᠠ ᠶᠢᠨ ᠲᠤᠷᠠᠰᠤᠮᠵᠢ ᠮᠢᠨᠢ ᠲᠡᠨᠲᠡ ᠪᠤᠢ᠂ ᠤᠭᠰᠠᠭ᠎ᠠ ᠵᠠᠯᠭᠠᠵᠤ ᠤᠲᠤᠮ ᠲᠠᠮᠵᠢᠬᠤ ᠤᠬᠠᠭᠠᠨ ᠴᠦ | ᠲᠡᠨᠲᠡ ᠪᠤᠢ᠃ ᠡᠨᠡ ᠭᠠᠵᠠᠷ ᠢ ᠨᠤᠲᠤᠭ ᠭᠡᠲᠡᠭ᠂ ᠡᠷᠬᠢᠬᠦ ᠲᠦᠷᠦᠯ ᠢᠶᠠᠨ ᠠᠲᠡ ᠭᠡᠵᠤ ᠲᠠᠭᠠᠳᠬᠠᠭᠰᠠᠨ ᠭᠠᠵᠠᠷ ᠡ᠃ | ᠨᠤᠲᠤᠭ ᠤᠨ ᠰᠢᠷᠤᠢ ᠠᠯᠲᠠ ᠠᠴᠠ ᠦᠨᠡᠲᠡᠢ ᠭᠡᠵᠤ ᠨᠠᠰᠤᠲᠠᠶᠢᠴᠤᠳ ᠲᠠᠩᠲᠠ ᠶᠠᠷᠢᠲᠠᠭ᠂ ᠠᠯᠲᠠ ᠯᠠ ᠪᠠᠶᠢᠬᠤ | ᠶᠤᠰᠤᠲᠠᠢ᠃ ᠡᠷ᠎ᠡ ᠪᠡᠶ᠎ᠡ ᠮᠢᠨᠢ ᠡᠵᠢ ᠠᠴᠠ ᠪᠠᠨ ᠲᠦᠷᠦᠬᠦ ᠳᠤ ᠡᠭᠡ ᠤᠷᠤᠨ ᠤ ᠪᠠᠨ ᠬᠦᠷᠦᠰᠤ ᠰᠢᠷᠤᠢ ᠲᠠᠢ ᠪᠠᠨ | ᠡᠭᠡᠨᠡᠭᠲᠡ ᠬᠦᠢ ᠪᠠᠨ ᠬᠤᠯᠪᠤᠭᠰᠠᠨ ᠶᠤᠮ᠃ ᠠᠩᠬᠠᠨ ᠤ ᠠᠯᠬᠤᠮ ᠢᠶᠠᠨ ᠠᠯᠬᠤᠬᠤ ᠳᠤ ᠨᠤᠲᠤᠭ ᠤᠨ ᠮᠢᠨᠢ ᠰᠢᠷ᠎ᠠ | ᠰᠢᠷᠤᠢ ᠬᠦᠮᠦᠨ ᠤ ᠠᠮᠢᠲᠤᠷᠠᠯ ᠤᠨ ᠪᠠᠶᠠᠷ ᠵᠤᠪᠠᠯᠠᠩ ᠢ ᠡᠷᠲᠡ ᠠᠴᠠ ᠲᠠᠨᠢᠭᠤᠯᠬᠤ ᠭᠡᠵᠤ ᠬᠤᠨᠢᠨ ᠤ | ᠬᠤᠷᠭᠤᠯ ᠢᠶᠠᠷ ᠢᠶᠠᠨ ᠨᠠᠮᠠᠢᠢ ᠪᠦᠲᠦᠷᠢᠬᠦᠯᠦᠭᠰᠡᠨ ᠶᠤᠮ᠂ ᠬᠤᠨᠲᠠᠭᠠᠨ ᠴᠢᠨᠡᠭᠡᠨ ᠬᠤᠩᠬᠤᠷ ᠢᠶᠠᠷ ᠢᠶᠠᠨ ᠨᠠᠮᠠᠢᠢ ᠶᠢ | ᠤᠨᠠᠭᠠᠭᠰᠠᠨ ᠶᠤᠮ᠂ ᠠᠮᠠ ᠲᠦᠬᠦᠷᠡᠩ ᠰᠢᠷᠤᠢ ᠡᠮᠬᠦᠵᠦ᠂ ᠡᠵᠢ ᠪᠠᠨ ᠬᠠᠷᠠᠭᠠᠳ ᠲᠠᠭᠤ ᠲᠠᠯᠪᠢᠨ ᠤᠬᠢᠯᠠᠬᠤ ᠳᠤ | ᠪᠦᠲᠦᠨ ᠲᠡᠯᠡᠭᠡᠢ ᠮᠢᠨᠤ ᠰᠢᠭ᠋ ᠯᠠ ᠪᠠᠶᠢᠭᠰᠠᠨ᠃ ᠨᠤᠲᠤᠭ ᠤᠨ ᠮᠢᠨᠢ ᠬᠦᠷᠦᠰᠦ ᠢᠩᠬᠢᠵᠦ ᠯᠠ ᠨᠠᠮᠢᠢ ᠰᠦ ᠶᠢᠨ | ᠦᠨᠦᠷ ᠰᠢᠩᠭᠡᠭᠰᠡᠨ ᠮᠤᠲᠤᠨ ᠦᠯᠦᠭᠡᠢ ᠠᠴᠠ ᠲᠤᠰᠤᠨ ᠠᠪᠴᠤ᠂ ᠠᠩᠬᠢᠷ ᠤᠭᠤᠷᠠᠭ ᠰᠡᠩᠭᠢᠨᠡᠭᠰᠡᠨ ᠪᠤᠶᠢᠲᠤᠭ ᠢ | ᠮᠢᠨᠢ ᠡᠯᠡᠭᠡᠨ ᠬᠦᠯ ᠳᠤ ᠤᠷᠤᠭᠤᠯᠤᠭᠰᠠᠨ ᠶᠤᠮ᠃ | ᠾᠦ᠋ᠩᠨᠦ ᠰᠢᠶᠦ᠋ᠩᠨᠦ ᠶᠢᠨ ᠦᠶ᠎ᠡ ᠠᠴᠠ ᠬᠤᠷᠯᠤ ᠲᠤᠭᠤᠨᠤ ᠲᠠᠢ ᠭᠡᠷ ᠪᠦᠮᠪᠤᠶᠢᠵᠦ ᠪᠠᠶᠢᠭᠰᠠᠨ ᠨᠤᠲᠤᠭ᠂ ᠬᠤᠷ | ᠲᠡᠯ ᠲᠠᠢ ᠠᠲᠤᠭᠤ ᠢᠨᠴᠠᠭᠠᠵᠤ ᠪᠠᠶᠢᠭᠰᠠᠨ ᠭᠠᠵᠠᠷ᠂ ᠬᠤᠷᠠᠭᠠᠨ ᠲᠡᠪᠡᠯ ᠲᠠᠢ ᠭᠡᠤᠭᠡᠳ ᠠᠨᠳᠠᠭᠠᠶᠢᠯᠠᠵᠤ ᠪᠠᠶᠢᠭᠰᠠᠨ | ᠬᠠᠶᠢᠷᠠᠬᠠᠨ᠃ ᠮᠢᠩᠭ᠎ᠠ ᠮᠢᠩᠭᠠᠨ ᠤ ᠬᠠᠯᠠᠭ᠎ᠠ ᠳᠤ᠂ ᠵᠠᠭᠤ ᠵᠠᠭᠤᠨ ᠤ ᠤᠯᠠᠭ᠎ᠠ ᠳᠤ᠂ ᠮᠦᠩᠭᠡ ᠲᠡᠭᠷᠢ ᠳᠤ ᠪᠠᠨ | ᠲᠠᠭᠠᠳᠬᠠᠨ᠂ ᠮᠦᠷᠡᠨ ᠭᠤᠤᠯ ᠢᠶᠠᠨ ᠲᠠᠬᠢᠵᠦ᠂ ᠤᠪᠤᠭ᠎ᠠ ᠬᠠᠶᠢᠷᠠᠬᠠᠨ ᠳᠤ ᠪᠠᠨ ᠰᠦᠰᠦᠭᠯᠡᠨ ᠮᠦᠷᠬᠦᠵᠦ᠂ ᠴᠢᠮᠬᠢ | ᠰᠢᠷᠤᠢ ᠶᠢ ᠨᠢ ᠬᠦᠷᠲᠡᠯ᠎ᠠ ᠴᠡᠴᠡᠭᠡᠢ ᠪᠠᠨ ᠰᠢᠭ ᠬᠠᠶᠢᠷᠠᠯᠠᠨ᠂ ᠠᠶᠠᠭᠠᠨ ᠴᠢᠨᠡᠭᠡᠨ ᠨᠦᠭᠡ ᠮᠠᠯᠲᠠᠭᠰᠠᠨ ᠴᠦ ︽ᠡᠭᠡ | ᠲᠡᠯᠡᠭᠡᠢ ᠡᠮᠵᠡᠭᠯᠡᠨ᠎ᠡ ᠰᠢᠤ︾ ᠭᠡᠳ ᠦᠷ᠎ᠡ ᠠᠴᠢᠨᠠᠷ ᠢᠶᠠᠨ ᠬᠦᠮᠦᠵᠢᠬᠦᠯᠵᠦ᠂ ᠠᠬᠢᠭᠠᠳ ᠤᠤᠯ ᠶᠤᠰᠤᠭᠠᠷ ᠨᠢ | ᠪᠤᠯᠠᠵᠤ ᠲᠠᠯᠪᠢᠲᠠᠭ ᠲᠡᠷᠲᠡᠭᠡ ᠬᠤᠯᠠ ᠶᠢᠨ ᠲᠡᠭᠷᠢᠯᠢᠭ ᠰᠤᠶᠤᠯ ᠢ ᠡᠪᠲᠡᠭᠲᠡᠭᠡ ᠦᠭᠡᠢ ᠤᠩᠭᠤᠨ ᠪᠠᠶᠢᠭᠠᠯᠢ | ᠪᠢᠲᠠᠨ ᠳᠤ ᠭᠡᠯᠡᠵᠦ ᠪᠠᠶᠢᠭᠰᠠᠨ ᠶᠤᠮ᠃ ᠡᠭᠡ ᠤᠷᠤᠨ ᠢᠶᠠᠨ ᠭᠡᠰᠡᠨ ᠪᠠᠭᠠᠲᠤᠷ ᠡᠷᠡᠴᠤᠳ ᠤᠯᠠᠭᠠᠨ ᠴᠢᠰᠤ ᠪᠠᠨ | ᠠᠲᠡ ᠤᠷᠤᠰᠬᠠᠵᠤ ᠮᠦᠩᠭᠡᠷᠡᠭᠰᠡᠨ ᠶᠤᠮ᠂ ᠡᠩᠬᠦᠷᠡᠢ ᠦᠷ᠎ᠡ ᠪᠠᠨ ᠭᠡᠰᠡᠨ ᠪᠤᠭᠤᠷᠤᠯ ᠡᠵᠢ ᠬᠠᠯᠠᠭᠤᠨ ᠨᠢᠯᠪᠤᠰᠤ ᠪᠠᠨ | ᠠᠲᠡ ᠪᠦᠮᠪᠦᠷᠢᠬᠦᠯᠵᠦ ᠴᠢᠯᠠᠭᠤᠵᠢᠭᠰᠠᠨ ᠶᠤᠮ᠃ ᠦᠯᠢᠭᠡᠷ ᠲᠠᠢ ᠲᠤᠮᠤᠭ ᠲᠠᠢ ᠡᠶᠢᠮᠦ ᠯᠠ ᠰᠠᠶᠢᠬᠠᠨ ᠨᠤᠲᠤᠭ ᠤᠨ | ᠬᠦᠭᠡ ᠴᠢᠯᠠᠭᠤᠨ ᠳᠤᠨᠢ ᠮᠦᠷ ᠢᠶᠠᠨ ᠦᠯᠡᠲᠡᠭᠡᠵᠦ᠂ ᠠᠶᠠᠰ ᠤᠨ ᠰᠠᠯᠬᠢᠨ ᠳᠤᠨᠢ ᠬᠠᠴᠠᠷ ᠢᠶᠠᠨ ᠢᠯᠪᠢᠬᠦᠯᠵᠦ᠂ | ᠬᠦᠯᠦᠭ ᠤᠨ ᠨᠢᠷᠤᠭᠤᠨ ᠳᠤᠨᠢ ᠨᠢ ᠬᠠᠲᠠᠭᠤᠵᠢᠨ ᠪᠦᠭᠡᠵᠢᠵᠦ᠂ ᠭᠡᠤᠭᠡᠳ ᠠᠴᠠ ᠭᠡᠤᠭᠡᠳ ᠤᠨ ᠠᠪᠤ ᠪᠤᠯᠤᠭᠰᠠᠨ ᠳ᠋ᠠ᠃ | ︽ᠦᠶ᠎ᠠ ᠦᠶ᠎ᠠ ᠳᠤ ᠪᠠᠨ ᠠᠮᠠᠷᠠᠭ᠂ ᠦᠨᠢᠶ᠎ᠡ ᠲᠤᠭᠤᠯ ᠳᠤ ᠪᠠᠨ ᠠᠮᠠᠷᠠᠭ︾ ᠭᠡᠲᠡᠭᠴᠢᠯᠡᠨ᠂ ᠦᠶ᠎ᠡ ᠬᠤᠷᠠᠭ ᠤᠨ | ᠭᠡᠲᠦᠨ ᠭᠡᠤᠭᠡᠳ ᠤᠴᠠᠷᠠᠵᠤ ᠠᠭᠤᠯᠵᠠᠬᠤ ᠪᠠᠷ ᠨᠢᠰᠤ ᠪᠠᠨ ᠭᠤᠭᠤᠵᠢᠭᠤᠯᠤᠭᠰᠠᠨ ᠨᠢ ᠴᠦ ᠲᠡᠷᠡ᠂ ᠨᠢᠷᠤᠭᠤ ᠪᠠᠨ | ᠡᠬᠦᠷᠦᠭᠰᠡᠨ ᠨᠢ ᠴᠦ ᠲᠡᠷᠡ᠂ ᠤᠲᠠᠭᠠᠨ ᠡᠲᠦᠷ ᠬᠦᠮᠦᠨ ᠤ ᠪᠠᠷ᠎ᠠ ᠤᠯᠵᠤ ᠬᠠᠷᠠᠭᠰᠠᠨ ᠦᠭᠡᠢ ᠠᠴᠠ ᠪᠤᠯᠪᠠᠤ︖ | ᠭᠡᠰᠡᠭ ᠪᠦᠱᠦᠬᠦᠷᠭᠡᠵᠦ ᠪᠠᠶᠢᠭᠰᠠᠨ ᠠᠴᠠ ᠪᠠᠨ ᠨᠢᠭᠡ ᠮᠡᠲᠡᠬᠦ ᠳᠤ ᠯᠠ ᠴᠢᠨᠤ ᠮᠢᠨᠤ ᠭᠡᠵᠤ ᠢᠯᠠᠭᠠᠬᠤ ᠦᠭᠡᠢ | ᠦᠶᠡᠷᠭᠡᠨ ᠲᠤᠭᠯᠠᠵᠤ ᠡᠬᠢᠯᠡᠲᠡᠭ᠃ ᠬᠦᠲᠡᠭᠡ ᠶᠢᠨ ᠭᠡᠤᠭᠡᠳ ᠲᠤ ᠬᠦᠮᠦᠨ ᠤ ᠡᠮᠦᠨ᠎ᠡ ᠭᠠᠷᠭᠠᠴᠢᠮᠠᠷ ᠰᠤᠨᠢᠨ | ᠰᠠᠶᠢᠬᠠᠨ ᠨᠠᠭᠠᠲᠤᠮ ᠲᠤᠭᠯᠠᠭᠠᠮ ᠤᠨ ᠵᠦᠢᠯ ᠭᠡᠵᠤ ᠪᠠᠶᠢᠲᠠᠭ ᠦᠭᠡᠢ ᠯᠠ ᠳ᠋ᠠ᠂ ᠬᠦᠷᠰᠢ ᠠᠶᠢᠯ ᠤᠨ ᠭᠡᠤᠭᠡᠳ ᠤᠳ | ᠬᠠᠶᠠ ᠢᠷᠡᠬᠦ ᠪᠠᠷ ᠸᠠᠭᠠᠷ ᠱᠠᠭᠠᠵᠠᠩ ᠤᠨ ᠭᠡᠯᠲᠡᠷᠭᠡᠢ ᠴᠤᠭᠯᠠᠭᠤᠯᠵᠤ᠂ ᠠᠶᠢᠯ ᠭᠡᠷ ᠪᠤᠯᠵᠤ ᠲᠤᠭᠯᠠᠬᠤ ᠪᠤᠶᠤ | ᠪᠤᠷᠭᠠᠰᠤ ᠬᠤᠰᠤ ᠵᠠᠶᠢᠲᠠᠯᠠᠨ ᠠᠲᠤᠭᠤᠴᠢᠨ ᠠᠪᠤ ᠪᠠᠨ ᠲᠠᠭᠤᠷᠢᠶᠠᠵᠤ ᠲᠤᠭᠯᠠᠲᠠᠭ ᠲᠡᠷᠡ ᠬᠤᠯᠠ ᠶᠢᠨ ᠭᠡᠤᠭᠡᠳ ᠨᠠᠰᠤ | ᠲᠤᠷᠠᠳᠬᠠᠯ ᠳᠤ ᠭᠡᠵᠢᠶᠡᠲᠡ ᠤᠶᠢᠷᠠᠬᠠᠨ᠃ | ᠵᠤᠯᠠᠢ ᠠᠴᠠ ᠨᠠᠷᠠ ᠰᠢᠷᠠᠭᠰᠠᠨ ᠵᠤᠨ ᠤ ᠰᠠᠶᠢᠬᠠᠨ ᠨᠢᠭᠡᠨ ᠡᠲᠦᠷ᠂ ᠬᠦᠷᠰᠢ ᠠᠶᠢᠯ ᠤᠨ ᠬᠢᠨᠢ ᠭᠡᠷ ᠢᠶᠠᠷ ᠢᠶᠠᠨ | ᠮᠠᠨ ᠤ ᠳᠤ ᠰᠢᠨ᠎ᠡ ᠱᠦᠯᠤ ᠤᠤᠭᠤᠵᠤ ᠭᠡᠢ ᠪᠠᠨ ᠲᠠᠷᠤᠨ᠎ᠠ ᠭᠡᠵᠤ ᠢᠷᠡᠵᠡᠭᠡᠭᠰᠡᠨ ᠪᠢᠯᠡ᠃ ᠶᠡᠭᠡ ᠤᠯᠤᠰ ᠤᠳ | ᠬᠤᠨᠢ ᠪᠠᠨ ᠲᠤᠶᠠᠴᠠᠵᠤ ᠭᠡᠲᠡᠰᠤ ᠲᠤᠲᠤᠷ ᠢᠶᠠᠨ ᠲᠤᠲᠤᠮᠲᠠᠨ ᠶᠠᠷᠢᠶ᠎ᠠ ᠬᠦᠭᠡᠷᠦᠨ ᠲᠠᠢ ᠶᠠᠭᠠᠷᠠᠨ᠎ᠠ᠃ ᠠᠶᠢᠯ ᠤᠨ | ᠲᠡᠬᠦᠦ ᠪᠤᠷᠭᠠᠰᠤᠨ ︽ᠮᠤᠷᠢ︾ ᠪᠠᠨ ᠭᠡᠲᠦ ᠰᠢᠷᠦᠬᠦᠨ ᠭᠤᠶᠠᠲᠠᠭᠰᠠᠨ ᠤ ᠬᠢ ᠪᠢᠵᠠ᠂ ᠭᠠᠭᠴᠠ ︽ᠪᠤᠯᠬᠢᠬᠤ︾ ᠶᠢ | ᠲᠠᠭᠠᠯ ᠦᠭᠡᠢ ᠬᠠᠶᠠᠭᠲᠠᠵᠤ᠂ ᠡᠪᠤᠲᠦᠭ ᠨᠢ ᠰᠢᠯᠪᠤᠷᠠᠬᠤ ᠪᠠᠷ ᠲᠠᠭᠤ ᠲᠠᠯᠪᠢᠨ ᠤᠬᠢᠯᠠᠭᠰᠠᠨ ᠳᠤ᠂ ᠶᠠᠭᠠᠷᠠᠯᠲᠤᠵᠤ | ᠪᠠᠶᠢᠭᠰᠠᠨ ᠶᠡᠭᠡ ᠤᠯᠤᠰ ᠤᠳ ᠬᠦᠶᠦᠯᠲᠦᠨ ᠭᠠᠷᠴᠤ ᠢᠷᠠᠯ᠎ᠠ᠃ ᠠᠪᠤ᠄ ︽ᠭᠡᠨ ᠲᠡᠬᠦᠦ ᠪᠠᠨ ᠲᠦᠯᠬᠢᠨ | ᠤᠨᠠᠭᠠᠭᠰᠠᠨ ᠪᠤᠢ︖︾ ᠭᠡᠵᠤ ᠵᠠᠩᠲᠤᠷᠬᠤ ᠳᠤ᠂ ᠪᠢᠲᠡ ᠭᠡᠲᠦᠬᠦᠯᠠ ᠠᠶᠤᠨ ᠲᠠᠭᠵᠢᠵᠤ᠄ ︽ᠦᠪᠡᠷ ᠢᠶᠠᠨ | ᠤᠨᠠᠭᠰᠠᠨ︕︾ ᠭᠡᠵᠤ ᠲᠤᠤᠭᠤᠷ ᠬᠠᠷᠠᠨ ᠲᠤᠷᠤᠢ ᠲᠠᠭᠤᠨ ᠢᠶᠠᠷ ᠬᠠᠷᠢᠭᠤᠯᠤᠯ᠎ᠠ᠃ ᠲᠡᠭᠡᠬᠦ ᠳᠤ ᠠᠶᠢᠯ ᠤᠨ ᠮᠦᠮᠦ | ᠨᠠᠷᠠᠨ ᠳᠤ ᠬᠠᠯᠠᠭᠰᠠᠨ ᠰᠢᠷᠤᠢ ᠠᠴᠠ ᠨᠢᠭᠡ ᠴᠢᠮᠬᠢᠵᠦ ᠠᠪᠤᠭᠠᠳ ᠭᠦᠤ ᠶᠢᠨ ᠢᠶᠠᠨ ᠰᠢᠷᠬᠠᠨ ᠳᠤᠨᠢ ᠲᠦᠷᠬᠢᠴᠢᠭᠡᠭᠡᠳ | ᠄ ︽ᠵᠦᠭᠡᠷ ᠡ᠂ ᠵᠦᠭᠡᠷ᠂ ᠨᠤᠲᠤᠭ ᠤᠨ ᠰᠢᠷᠤᠢ ᠡᠮ ᠪᠤᠯᠲᠠᠭ ᠶᠤᠮ ᠡ᠂ ᠮᠢᠨᠤ ᠬᠦᠦ ᠲᠤᠮᠤ ᠡᠷ᠎ᠡ ᠬᠦᠮᠦᠨ | ᠪᠤᠯᠴᠢᠬᠠᠭᠰᠠᠨ ᠰᠢᠤ᠂ ᠤᠬᠢᠯᠠᠲᠠᠭ ᠦᠭᠡᠢ ᠶᠤᠮ︾ ᠭᠡᠯᠡ ᠁ ᠵᠠᠮ ᠬᠠᠷᠢᠯᠴᠠᠭ᠎ᠠ ᠲᠦᠬᠦᠮ ᠦᠭᠡᠢ᠂ ᠡᠮ | ᠲᠠᠩ ᠢᠶᠠᠷ ᠲᠤᠲᠠᠭᠰᠠᠨ ᠤᠨ ᠵᠢᠯ ᠤᠳ ᠨᠤᠲᠤᠭ ᠤᠨ ᠮᠢᠨᠢ ᠰᠢᠷᠤᠢ ᠨᠠᠲᠠ ᠳᠤ ᠮᠦᠩᠭᠡ ᠶᠢᠨ ᠰᠢᠲᠢ ᠰᠢᠩᠭᠡᠭᠰᠡᠨ | ᠷᠢᠯᠦ ᠰᠢᠭ᠋ ᠰᠠᠨᠠᠭᠲᠠᠭᠰᠠᠨ᠃ ᠬᠦᠮᠦᠨ ᠮᠠᠯ ᠤᠨ ᠰᠢᠷᠬᠠᠨ ᠳᠤ ᠨᠤᠲᠤᠭ ᠤᠨ ᠰᠢᠷᠤᠢ ᠶᠢ ᠲᠦᠷᠬᠢᠨ ᠴᠢᠰᠤ ᠶᠢ ᠨᠢ | ᠲᠤᠭᠲᠠᠭᠠᠲᠠᠭ᠂ ᠶᠡᠷᠦ ᠨᠢ ᠢᠲᠡᠭᠡᠯᠡᠵᠦ ᠬᠤᠪᠢᠯᠠᠲᠠᠭ ᠦᠭᠡᠢ᠂ ᠭᠡᠲᠦ ᠬᠤᠨᠤᠬᠤ ᠪᠠᠷ ᠦ ᠰᠡᠪ ᠦᠭᠡᠢ ᠰᠠᠶᠢᠬᠠᠨ | ᠡᠲᠡᠭᠡᠲᠡᠭ ᠨᠢ ᠭᠠᠶᠢᠬᠠᠯᠲᠠᠢ᠃ ᠬᠦᠮᠡᠯᠢ ᠲᠠᠭᠠᠨ᠎ᠠ ᠶᠢᠨ ᠰᠢᠮ᠎ᠠ ᠬᠦᠷᠦᠰᠦᠨ ᠳᠤᠨᠢ ᠰᠢᠩᠭᠡᠵᠦ᠂ ᠭᠤᠭᠤᠳ ᠭᠤᠶᠤᠤ | ᠭᠠᠵᠠᠷ ᠰᠠᠢ ᠦᠭᠡᠢ ᠤᠷᠭᠤᠭᠰᠠᠨ ᠤ ᠬᠢ ᠴᠦ ᠪᠤᠯᠪᠠᠤ⁈ ᠨᠤᠲᠤᠭ ᠲᠠᠢ ᠬᠦᠮᠦᠨ ᠪᠠᠶᠠᠨ᠂ ᠲᠡᠶᠢᠮᠦ ᠳᠤ ᠪᠠᠨ | ᠨᠤᠲᠤᠭ ᠲᠠᠢ ᠬᠦᠮᠦᠨ ᠭᠡᠶᠢᠮᠦᠷᠢ ᠲᠠᠢ ᠪᠠᠶᠢᠲᠠᠭ᠃ ᠬᠦᠰᠡᠯ ᠤᠨ ᠵᠢᠬᠦᠷ ᠢᠶᠠᠨ ᠲᠡᠪᠲᠡᠷᠢᠬᠦᠯᠵᠦ᠂ ᠬᠦᠮᠦᠨ ᠤ | ᠨᠤᠲᠤᠭ ᠲᠤ ᠬᠦᠯ ᠲᠠᠯᠪᠢᠬᠤ ᠳᠤ ᠶᠠᠭᠤ ᠪᠦᠬᠦᠨ ᠰᠤᠨᠢᠨ ᠰᠡᠪᠡᠬᠦᠨ᠂ ᠶᠠᠭᠤ ᠪᠦᠬᠦᠨ ᠡᠴᠢᠨ᠎ᠠ ᠨᠢᠭᠤᠴᠠ ᠪᠠᠶᠢᠭᠰᠠᠨ | ᠴᠦ ᠭᠡᠷ ᠤᠷᠤᠨ ᠢᠶᠠᠨ ᠭᠡᠵᠤ ᠶᠠᠷᠢᠭᠠᠳ ᠢᠷᠡᠬᠦ ᠳᠤ ᠨᠤᠲᠤᠭ ᠤᠨ ᠰᠢᠷ᠎ᠠ ᠰᠢᠷᠤᠢ ᠦᠨᠦᠷᠲᠦᠨ ᠬᠠᠮᠠᠷ ᠤᠨ ᠦᠵᠦᠬᠦᠷ | ᠱᠠᠷᠬᠢᠷᠠᠲᠠᠭ ᠰᠠᠨ᠃ ᠦᠨᠲᠦᠷ ᠠᠰᠠᠷ ᠰᠡᠬᠦ᠋ᠢᠭᠰᠡᠨ ᠬᠤᠲᠠ ᠳᠤ ᠤᠲᠠᠭᠠᠨ ᠰᠠᠭᠤᠭᠰᠠᠨ ᠪᠤᠭᠤᠷᠤᠯ ᠡᠵᠢ | ᠨᠤᠲᠤᠭ ᠤᠨ ᠢᠶᠠᠨ ᠬᠠᠯᠠᠭᠤᠨ ᠬᠦᠷᠦᠰᠤᠨ ᠳᠤ ᠭᠡᠰᠬᠢᠬᠦ ᠪᠠᠷ ᠦᠪᠡᠷ ᠤᠨ ᠡᠷᠭᠡ ᠦᠭᠡᠢ ᠰᠦᠬᠦᠷᠡᠨ ᠰᠠᠭᠤᠵᠤ᠂ | ᠲᠠᠰᠤᠯ ᠪᠤᠯᠤᠭᠰᠠᠨ ᠨᠤᠲᠤᠭ ᠤᠨ ᠢᠶᠠᠨ ᠰᠢᠷᠤᠢ ᠶᠢ ᠬᠤᠶᠠᠷ ᠭᠠᠷ ᠢᠶᠠᠷ ᠢᠶᠠᠨ ᠬᠤᠮᠢᠨ ᠠᠪᠤᠭᠠᠳ ᠨᠠᠨᠲᠢᠩᠨᠠᠨ | ᠦᠨᠦᠷᠯᠡᠬᠦ ᠳᠤ ᠲᠤᠲᠤᠷ᠎ᠠ ᠨᠢ ᠤᠩᠭᠤᠶᠢᠨ᠂ ᠨᠢᠲᠤ ᠨᠢ ᠭᠡᠷᠡᠯᠲᠦᠵᠦ᠂ ᠲᠦᠮᠡᠨ ᠦᠷᠴᠢᠯᠡᠭᠡᠰᠤ ᠨᠢ ᠲᠡᠨᠢᠢᠭᠰᠡᠨ ᠰᠢᠭ | ᠬᠠᠷᠠᠭᠲᠠᠨ᠎ᠠ᠂ ᠡᠪᠡᠳᠴᠢᠨ ᠲᠠᠬᠤᠯ ᠨᠢ ᠴᠦ ᠶᠢᠰᠦᠨ ᠲᠡᠭᠷᠢ ᠶᠢᠨ ᠴᠠᠭᠠᠨ᠎ᠠ ᠵᠠᠮᠬᠠᠷᠠᠵᠠᠢ ᠁ ᠲᠠᠲᠠᠭᠰᠠᠨ | ᠵᠠᠯ᠎ᠠ ᠠᠴᠠ ᠨᠢ ᠲᠠᠷᠠᠭ ᠠᠶᠢᠷᠠᠭ ᠤᠨ ᠦᠨᠦᠷ ᠬᠠᠩᠬᠤᠯᠤᠭᠰᠠᠨ᠂ ᠲᠤᠭᠤᠷᠠᠢ ᠲᠠᠮᠠᠭᠠᠨ ᠠᠴᠠ ᠨᠢ ᠷᠠᠰᠢᠶᠠᠨ ᠪᠤᠯᠠᠭ | ᠤᠨᠲᠤᠷᠤᠭᠰᠠᠨ᠂ ᠬᠤᠲᠠᠴᠢ ᠨᠤᠬᠠᠢ ᠶᠢᠨ ᠲᠠᠭᠤᠨ ᠬᠤᠯᠠ ᠶᠢᠨ ᠬᠤᠯᠠ ᠠᠴᠠ ᠰᠤᠨᠤᠰᠲᠠᠭᠰᠠᠨ᠂ ᠬᠤᠷᠸ᠎ᠠ ᠳᠤ | ᠲᠠᠬᠢᠭᠠᠳ ᠤᠯᠲᠠᠬᠤ ᠦᠭᠡᠢ ᠮᠢᠨᠤ ᠯᠠ ᠨᠤᠲᠤᠭ ᠭᠤᠶᠤᠬᠠᠨ᠂ ᠨᠠᠮᠠᠢᠢ ᠬᠦᠯ ᠳᠤ ᠤᠷᠤᠭᠤᠯᠤᠭᠰᠠᠨ ᠨᠤᠲᠤᠭ ᠤᠨ | ᠮᠢᠨᠢ ᠰᠢᠷᠤᠢ ᠨᠡᠩ ᠴᠦ ᠲᠤᠯᠠᠭᠠᠬᠠᠨ᠃ ᠠᠮᠢ ᠲᠠᠢ ᠮᠢᠨᠢ ᠬᠤᠯᠪᠤᠭ᠎ᠠ ᠲᠠᠢ ᠮᠢᠨᠤ ᠨᠤᠲᠤᠭ ᠠᠰᠢᠲᠠ ᠶᠢᠨ ᠵᠠᠶᠠᠭᠠᠲᠤ | ᠰᠠᠶᠢᠬᠠᠨ ᠭᠠᠵᠷ ᠡ᠃ |