ᠰᠠᠷ᠎ᠠ ᠰᠢᠨ᠎ᠠ ᠶᠢᠨ ᠵᠣᠯᠭᠠᠯᠲᠠ ᠲᠠᠢ ᠠᠳᠤᠭᠤᠨ ᠰᠤᠶᠤᠯ ᠤᠨ ᠠᠵᠢᠯᠯᠠᠭ᠎ᠠ
ᠨᠡᠶᠢᠲᠡᠯᠡᠭᠰᠡᠨ ᠴᠠᠭ᠄
2023/2/13
   ᠤᠨᠤᠭᠰᠠᠨ ᠬᠦᠯᠦᠭ ᠤᠨ ᠢᠶᠠᠨ ᠬᠤᠷᠲᠣ ᠵᠢᠰᠦᠮ ᠢᠶᠠᠷ ᠭᠠᠩᠭᠠᠷᠠᠵᠤ᠂ ᠤᠷᠭᠤᠬᠤ ᠨᠠᠷᠠᠨ ᠤ ᠠᠯᠲᠠᠨ ᠰᠠᠴᠤᠷᠠᠭ ᠲᠠᠳᠠᠭᠤᠯᠵᠤ᠂ 2 ᠰᠠᠷ᠎ᠠ ᠶᠢᠨ 1 ᠤ ᠡᠳᠦᠷ ᠤᠷᠠᠳ ᠤᠨ ᠳᠤᠮᠳᠠᠳᠤ ᠬᠤᠰᠢᠭᠤᠨ ᠤ ᠰᠢᠨᠡᠭᠦ᠋ᠷᠢᠶ᠎ᠡ ᠰᠤᠮᠤᠨ ᠤ ᠵᠤᠰᠤᠮᠠᠯ ᠭᠠᠴᠠᠭᠠᠨ ᠤ ᠬᠠᠷᠠᠭᠴᠢᠨ ᠲᠠᠤᠯᠠᠢ ᠵᠢᠯ ᠤᠨ ᠰᠠᠷ᠎ᠠ ᠰᠢᠨ᠎ᠡ ᠶᠢᠨ ᠬᠠᠮᠲᠤ ᠶᠢᠨ ᠵᠣᠯᠭᠠᠯᠲᠠ ᠵᠢᠴᠢ ︽ᠠᠰᠢᠳᠠ ᠶᠢᠨ ᠪᠡᠯᠭᠡᠳᠡᠯ︾ ᠠᠳᠤᠭᠤᠨ ᠰᠤᠶᠤᠯ ᠠᠲᠤᠭᠤᠨ ᠠᠵᠤ ᠦᠢᠯᠡᠰ ᠤᠨ ᠠᠵᠢᠯᠯᠠᠭ᠎ᠠ ᠠᠮᠵᠢᠯᠲᠠ ᠲᠦᠬᠦᠷᠡᠩ ᠶᠠᠪᠤᠭᠲᠠᠯ᠎ᠠ᠃
456456.png
   ᠤᠷᠠᠳ ᠤᠨ ᠲᠤᠮᠲᠠᠲᠤ ᠬᠤᠰᠢᠭᠤᠨ ᠤ ᠡᠯ᠎ᠠ ᠰᠤᠮᠤ ᠪᠠᠯᠭᠠᠰᠤ᠂ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤ᠂ ᠲᠦᠷᠪᠡᠳ ᠬᠤᠰᠢᠭᠤ ᠵᠡᠷᠭᠡ ᠨᠤᠲᠤᠭ ᠨᠤᠲᠤᠭ ᠤᠨ ᠠᠳᠤᠭᠤᠴᠢᠨ ᠵᠠᠯᠠᠭᠤᠰ᠂ ᠬᠡᠭᠡᠨᠴᠢᠷ ᠪᠡᠷᠢᠶᠡᠳ᠂ ᠬᠡᠦᠬᠡᠳ ᠪᠠᠭᠠᠴᠣᠳ ᠠᠯᠲᠠ ᠴᠡᠩᠭᠡᠷ ᠬᠠᠳᠠᠭ ᠢᠶᠠᠨ ᠡᠷᠬᠦᠵᠦ᠂ ᠠᠶᠤᠰᠢ ᠽᠠᠨᠳᠠᠨ ᠬᠦᠬᠦᠷ ᠢᠶᠠᠨ ᠵᠦᠷᠢᠭᠦᠯᠵᠦ᠂ ᠦᠳᠡᠭᠦᠰ ᠪᠤᠭᠤᠷᠤᠯᠴᠤᠳ ᠲᠠᠢ ᠪᠠᠨ ᠮᠡᠨᠳᠦ ᠣᠰᠤ ᠪᠠᠨ ᠮᠡᠳᠡᠯᠴᠡᠵᠤ᠂ ᠰᠠᠷ᠎ᠠ ᠰᠢᠨ᠎ᠡ ᠶᠢᠨ ᠪᠡᠯᠡᠭ ᠭᠠᠷᠳᠠᠭᠤᠯᠤᠨ ᠬᠠᠮᠲᠤ ᠶᠢᠨ ᠵᠤᠯᠭᠠᠯᠲᠠ ᠬᠢᠯ᠎ᠠ᠃ ᠮᠦᠨ ᠬᠤᠰᠢᠭᠤᠨ ᠤ ᠤᠯᠠᠭᠠᠨᠮᠦ᠋ᠴᠢᠷ ᠤᠨ ᠲᠣᠭᠯᠠᠭᠴᠢᠳ ᠠᠴᠠ ᠭᠤᠶᠢᠲᠠ ᠰᠠᠶᠢᠬᠠᠨ ᠲᠤᠭᠯᠠᠯᠲᠠ ᠪᠠᠨ ᠰᠤᠨᠢᠷᠬᠠᠭᠤᠯᠵᠤ ᠮᠠᠯᠴᠢᠨ ᠲᠦᠮᠡᠨ ᠢᠶᠠᠨ ᠪᠠᠶᠠᠰᠬᠠᠭᠰᠠᠨ ᠪᠠᠶᠢᠨ᠎ᠠ᠃   ᠬᠤᠷᠲᠤᠨ ᠮᠤᠷᠢᠨ ᠤ ᠤᠷᠤᠯᠲᠤᠭᠠᠨ ᠤ ᠤᠷᠭ᠎ᠠ ᠶᠢᠨ ᠮᠤᠷᠢ᠂ ᠡᠷᠯᠢᠰᠡ ᠮᠤᠷᠢᠨ ᠤ ᠤᠷᠤᠯᠳᠤᠭᠠᠨ᠂ ᠮᠤᠩᠭᠤᠯ ᠮᠤᠷᠢᠨ ᠤ ᠤᠷᠤᠯᠲᠤᠭᠠᠨ᠂ ᠠᠲᠤᠭᠤ ᠤᠷᠭᠠᠯᠠᠬᠤ ᠤᠷᠤᠯᠲᠤᠭᠠᠨ ᠁ ᠪᠦᠬᠦᠯᠢ ᠡᠲᠦᠷ ᠶᠠᠪᠤᠭᠲᠠᠭᠰᠠᠨ ᠲᠤᠰ ᠤᠲᠠᠭᠠᠨ ᠤ ᠠᠵᠢᠯᠯᠠᠭ᠎ᠠ ᠨᠢ ᠤᠯᠠᠮᠵᠢᠯᠠᠯᠲᠤ ᠰᠢᠯᠢᠳᠡᠭ ᠵᠠᠩ ᠦᠢᠯᠡ ᠰᠣᠶᠣᠯ ᠤᠨ ᠷᠢᠳᠢ ᠰᠢᠳᠢ ᠶᠢ ᠭᠠᠶᠢᠬᠠᠭᠤᠯᠤᠨ ᠤᠯᠠᠮᠵᠢᠯᠠᠯᠲᠤ ᠰᠣᠶᠣᠯ ᠢ ᠤᠬᠠᠭᠤᠯᠵᠤ᠂ ᠰᠣᠶᠣᠯ ᠤᠨ ᠢᠲᠡᠭᠡᠯ ᠢᠶᠠᠨ ᠪᠠᠲᠤᠳᠬᠠᠵᠤ᠂ ᠰᠣᠶᠣᠯ ᠤᠨ ᠠᠮᠢᠳᠤᠷᠠᠯ ᠢ ᠪᠠᠶᠠᠯᠢᠭᠵᠢᠭᠤᠯᠤᠨ᠂ ᠳᠤᠮᠳᠠᠳᠤ ᠶᠢᠨ ᠰᠣᠶᠣᠯ ᠢ ᠮᠡᠳᠡᠷᠡᠬᠦ ᠰᠡᠳᠭᠢᠯᠭᠡ ᠪᠠ ᠣᠮᠣᠭᠰᠢᠯᠲᠤ ᠰᠡᠳᠭᠢᠯᠭᠡ ᠪᠠᠨ ᠨᠡᠮᠡᠭᠳᠡᠭᠦᠯᠵᠦ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠤᠬᠴᠠᠯᠠᠨ᠂ ᠴᠠᠭ ᠦᠶ᠎ᠡ ᠶᠢᠨ ᠵᠣᠷᠢᠭ ᠰᠠᠨᠠᠭ᠎ᠠ ᠶᠢ ᠪᠠᠲᠠᠷᠠᠭᠤᠯᠤᠭᠰᠠᠨ ᠪᠠᠶᠢᠨ᠎ᠠ᠃ 
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号