ᠳᠠᠯᠳᠠ ᠡᠨᠧᠷᠭᠢ ᠶᠢ ᠳᠠᠶᠢᠴᠢᠯᠠᠬᠤ 4 ᠰᠠᠶᠢᠨ ᠳᠠᠳᠬᠠᠯ
ᠨᠡᠶᠢᠲᠡᠯᠡᠭᠰᠡᠨ ᠴᠠᠭ᠄
2023/12/30
    ᠬᠥᠮᠥᠨ ᠤ ᠳᠠᠯᠳᠠ ᠣᠬᠠᠮᠰᠠᠷ ᠬᠢᠵᠠᠭᠠᠷ ᠦᠬᠡᠢ ᠪᠠᠶᠢᠳᠠᠭ᠃ ᠲᠡᠭᠦᠨ ᠢ ᠨᠡᠭᠡᠭᠡᠨ ᠬᠦᠭᠵᠢᠬᠦᠯᠬᠦ ᠳᠤ ᠡᠳᠦᠷ ᠲᠤᠲᠤᠮ ᠤᠨ ᠦᠶ᠋ᠯᠡ ᠠᠵᠢᠯᠯᠠᠭᠠᠨ ᠤ ᠳᠠᠳᠬᠠᠯ ᠮᠠᠰᠢ ᠴᠢᠬᠤᠯᠠ ᠪᠠᠶᠢᠳᠠᠭ᠃ ᠳᠠᠯᠳᠠ ᠣᠬᠠᠮᠰᠠᠷ ᠵᠶᠠᠨ ᠪᠠᠳᠠᠷᠠᠭᠤᠯᠤᠶ᠎ᠠ ᠭᠡᠪᠡᠯ ᠲᠠᠷᠠᠭᠠᠬᠢ ᠳᠦᠷᠪᠡᠨ ᠳᠠᠳᠬᠠᠯ ᠢ ᠪᠠᠷᠢᠮᠳᠠᠯᠠᠭᠠᠷᠠᠢ᠃ ᠨᠢᠬᠡ᠂ ᠡᠳᠦᠷ ᠤᠨ ᠬᠠᠷᠠᠯᠲᠠ ᠲᠠᠢ ᠪᠠᠶᠢᠬᠤ᠃ ᠥᠪᠡᠷ ᠤᠨ ᠪᠡᠶ᠎ᠡ ᠳᠡᠭᠡᠨ ᠡᠳᠦᠷ ᠪᠦᠷᠢ ᠬᠠᠷᠠᠯᠲᠠ ᠲᠣᠭᠲᠠᠭᠠᠵᠤ᠂ ᠲᠣᠭᠲᠠᠭᠰᠠᠨ ᠵᠠᠮ ᠢᠶᠠᠷ ᠢᠶᠠᠨ ᠤᠷᠤᠭᠰᠢᠯᠠᠵᠤ᠂ ᠬᠠᠷᠠᠯᠲᠠ ᠪᠠᠨ ᠬᠥᠭᠡᠭᠡᠴᠡᠯᠳᠦᠬᠦ ᠶᠠᠪᠤᠴᠠ ᠳᠤ ᠥᠪᠡᠷ ᠢ ᠪᠠᠨ ᠲᠠᠰᠤᠷᠠᠯᠲᠠ ᠦᠭᠡᠢ ᠳᠡᠭᠡᠭᠰᠢᠯᠡᠭᠦᠯᠬᠦ ᠬᠡᠷᠡᠭᠲᠡᠢ᠃ ᠵᠣᠷᠢᠬᠰᠠᠨ ᠭᠠᠵᠠᠷ ᠪᠠᠶᠢᠪᠠᠯ ᠵᠣᠷᠢᠬᠯᠠᠭᠠᠳ ᠬᠦᠷᠬᠦ ᠴᠠᠭ ᠪᠤᠢ᠃ ᠬᠤᠶᠠᠷ᠂ ᠦᠷ᠎ᠡ ᠪᠦᠳᠦᠮᠵᠢ ᠲᠠᠢ ᠴᠠᠭ ᠢᠶᠠᠨ ᠲᠣᠭᠲᠠᠭᠠᠵᠤ ᠠᠪᠬᠤ᠃ ᠬᠥᠮᠥᠨ ᠤ ᠲᠠᠷᠢᠬᠢᠨ ᠤ ᠠᠵᠢᠯᠯᠠᠭ᠎ᠠ ᠳᠤ ᠴᠠᠭ ᠬᠡᠵᠦ ᠪᠠᠶᠢᠳᠠᠭ᠃ ᠵᠠᠷᠢᠮ ᠬᠦᠮᠦᠨ ᠦᠷᠯᠦᠬᠡ ᠡᠷᠳᠡ ᠶᠠᠭᠤᠮ᠎ᠠ ᠴᠡᠬᠡᠵᠢᠯᠡᠬᠦ ᠳᠡᠭᠡᠨ ᠰᠠᠶᠢᠨ ᠪᠠᠶᠢᠵᠦ᠂ ᠵᠠᠷᠢᠮ ᠨᠢ ᠬᠠᠷᠢᠨ ᠣᠷᠣᠢ ᠦᠳᠡᠰᠢ ᠪᠠᠷ ᠴᠡᠬᠡᠵᠢ ᠰᠠᠶᠢᠳᠠᠢ ᠪᠠᠶᠢᠳᠠᠭ᠃ ᠡᠨᠡ ᠴᠠᠭ ᠢᠶᠠᠨ ᠰᠠᠶᠢᠬᠠᠨ ᠠᠰᠢᠬᠯᠠᠵᠦ ᠴᠢᠳᠠᠪᠠᠯ ᠳᠠᠯᠳᠠ ᠤᠬᠠᠮᠰᠠᠷ ᠢᠯᠡᠬᠦᠦ ᠨᠡᠭᠡᠭᠡᠭᠳᠡᠵᠦ᠂ ᠠᠵᠢᠯ ᠰᠤᠷᠤᠯᠭ᠎ᠠ ᠳᠠᠭᠠᠨ ᠥᠨᠳᠥᠷ ᠦᠷ᠎ᠡ ᠪᠦᠲᠦᠮᠵᠢ ᠣᠯᠵᠤ ᠴᠢᠳᠠᠨ᠎ᠠ᠃ ᠭᠤᠷᠪᠠ᠂ ᠴᠠᠭ ᠬᠤᠭᠤᠴᠠᠭ᠎ᠠ ᠶᠢ ᠵᠣᠬᠢᠰᠲᠠᠢ ᠠᠰᠢᠬᠯᠠᠵᠦ ᠰᠣᠷ᠃ ᠡᠳᠦᠷ ᠪᠤᠯᠭᠠᠨ ᠶᠠᠳᠠᠵᠦ ᠬᠠᠭᠠᠰ ᠴᠠᠭ᠂ ᠨᠢᠬᠡ ᠴᠠᠭ ᠨᠠᠮ ᠬᠦᠮ ᠤᠷᠴᠢᠨ ᠳᠤ ᠵᠥᠪᠬᠡᠨ ᠪᠤᠳᠣᠵᠦ ᠪᠠᠶᠢᠬᠰᠠᠨ ᠵᠦᠢᠯ ᠢᠶᠠᠨ ᠯᠡ ᠠᠩᠬᠠᠷᠣᠯᠳᠠᠢ ᠬᠢᠵᠦ ᠰᠣᠷᠬᠤ ᠭᠡᠷᠡᠭᠳᠡᠢ᠃ ᠢᠩᠬᠢᠪᠡᠯ ᠠᠭᠠᠵᠢᠮ ᠳᠠᠭᠠᠨ ᠭᠠᠳᠠᠭᠠᠳᠤ ᠣᠷᠴᠢᠨ ᠤ ᠨᠦᠯᠦᠬᠡᠨ ᠠᠴᠠ ᠠᠶᠠᠨᠳᠠᠭᠠᠨ ᠵᠠᠶᠢᠯᠠᠵᠦ᠂ ᠠᠩᠬᠠᠷᠣᠯ ᠢᠶᠠᠨ ᠳᠦᠪᠯᠡᠷᠡᠬᠦᠯᠬᠦᠴᠢᠳᠠᠪᠤᠷᠢ ᠴᠢᠨᠢ ᠳᠡᠭᠡᠭᠰᠢᠯᠡᠬᠦ ᠪᠣᠯᠣᠨ᠎ᠠ᠃ ᠳᠦᠷᠪᠡ᠂ ᠴᠡᠷ ᠬᠦᠷᠢᠶ᠎ᠡ ᠪᠠᠨ ᠳᠡᠯᠡᠵᠦ ᠶᠠᠭᠤᠮ᠎ᠠ ᠰᠣᠷᠴᠦ ᠪᠠᠢ᠃ ᠶᠠᠮᠠᠷᠴᠦ ᠠᠵᠢᠯ ᠳᠦᠷᠦᠯ᠂ ᠤᠷ᠎ᠠ ᠮᠡᠷᠬᠡᠵᠢᠯ ᠢ ᠴᠦ ᠪᠤᠯᠬᠤ ᠶᠢᠨ ᠳᠣᠳᠣᠷ᠎ᠠ ᠣᠶᠢᠯᠠᠭᠠᠵᠦ ᠣᠷᠣᠯᠳᠣᠬᠤ ᠶᠢ ᠬᠢᠴᠢᠶᠡᠬᠦ ᠨᠢ ᠴᠢᠬᠤᠯᠠ᠃ ᠦᠨᠡᠨᠳᠡᠬᠡᠨ ᠶᠠᠮᠠᠷ ᠨᠢᠬᠡᠨ ᠬᠦᠷᠢᠶ᠎ᠠ ᠴᠠᠷ ᠪᠤᠶᠤ ᠠᠯᠢ ᠨᠢᠬᠡ ᠮᠡᠷᠬᠡᠵᠢᠯ ᠳᠤ ᠬᠠᠷᠢᠴᠠᠯᠠᠰᠢ ᠦᠬᠡᠢ ᠵᠠᠭᠠᠭ ᠱᠣᠭᠤᠮ ᠬᠡᠵᠦ ᠪᠠᠶᠢᠳᠠᠭ ᠦᠬᠡᠢ᠂ ᠶᠠᠮᠠᠷ ᠨᠢᠬᠡᠨ ᠳᠠᠯ᠎ᠠ ᠪᠠᠷ ᠬᠠᠷᠢᠯᠴᠠᠨ ᠬᠤᠯᠪᠤᠯᠳᠣᠵᠦ ᠪᠠᠶᠢᠳᠠᠭ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号