ᠨᠠᠮᠣᠷ ᠨᠠᠮᠤᠷ ᠤᠨ ᠲᠤᠷᠠᠰᠤᠮᠵᠢ
ᠨᠡᠶᠢᠲᠡᠯᠡᠭᠰᠡᠨ ᠴᠠᠭ᠄
2023/10/24
   ᠬᠤᠪᠠᠭᠠᠢ ᠨᠠᠪᠴᠢ ᠬᠡᠶᠢᠰᠤᠷᠤᠨ ᠴᠢᠨᠦ ᠤᠶᠠᠷᠠᠬᠤ ᠴᠠᠭ︾ ᠨᠠᠮᠤᠷ ᠢᠷᠡᠵᠦ ᠨᠠᠮᠠᠢᠢ ᠤᠶᠠᠷᠠᠭᠤᠯᠪᠠ᠃   ᠨᠠᠮᠤᠷ ᠤᠨ ᠲᠤᠬᠠᠢ ᠨᠠᠷᠠᠳᠤ ᠰᠢᠯᠦᠭ ᠢᠷᠠᠭᠤ ᠪᠠᠳᠠᠭ ᠢ ᠦᠩᠭᠡᠷᠡᠭᠰᠡᠨ ᠤ ᠬᠦᠮᠦᠰ ᠬᠡᠴᠢᠨᠡᠨ ᠦᠯᠡᠳᠡᠭᠡᠪᠡ︖ ᠨᠢᠯᠪᠤᠰᠤᠳᠤ ᠠᠶᠠᠯᠭᠤ ᠶᠢ ᠰᠡᠳᠭᠢᠯ ᠤᠨ ᠲᠡᠭᠷᠢ ᠦᠭᠡᠳᠡ ᠴᠢᠪᠠᠭᠳᠠᠬᠤᠶ᠎ᠠ ᠤᠶᠠᠷᠠᠭᠤᠨ ᠡᠭᠡᠰᠢᠭ ᠭᠡᠭᠴᠢ ᠰᠠᠨᠠᠭ᠎ᠠ ᠶᠢ ᠤᠶᠢᠯᠠᠭᠠᠬᠴᠢ ᠳᠤ ᠤᠬᠠᠮᠵᠢᠳᠠᠢ᠃   ᠲᠦᠮᠡᠳ ᠤᠨ ᠲᠠᠯ᠎ᠠ ᠳᠤ ᠦᠷᠦᠭᠡᠰᠦᠨ ᠬᠤᠨ ᠭᠠᠭᠴᠠᠭᠠᠷ ᠲᠡᠪᠳᠡᠷᠢᠨ᠎ᠡ ᠁ ᠪᠢ ᠭᠠᠭᠴᠠᠭᠠᠷ᠃ ᠬᠡᠶᠦᠷᠡᠯ ᠤᠨ ᠲᠤᠮᠳᠠᠬᠢ ᠭᠠᠭᠴᠠᠭᠠᠷᠳᠠᠯ ᠨᠠᠮ ᠵᠢᠮ ᠤᠷᠤᠰᠤᠨ᠎ᠠ᠃ᠨᠠᠮᠤᠷ ᠴᠠᠭ ᠤᠨ ᠭᠠᠭᠴᠠᠭᠠᠷᠳᠠᠯ ᠨᠠᠳᠠ ᠳᠠᠭᠠᠨ ᠶᠡᠷᠦ ᠨᠢ ᠦᠨᠢᠷ ᠪᠠᠶᠠᠨ ᠰᠠᠶᠢᠨ ᠰᠠᠶᠢᠬᠠᠨ ᠭᠤᠨᠢᠭ ᠠᠪᠴᠢᠷᠠᠳᠠᠭ ᠶᠤᠮ ᠡ᠃   ᠠᠷᠭᠠᠴᠠᠭᠠᠳ ᠪᠢ ᠦᠪᠡᠷ ᠢ ᠪᠠᠨ ᠪᠤᠴᠠᠬᠤ ᠭᠠᠯᠠᠭᠤᠳ ᠲᠠᠢ ᠪᠢᠳᠡᠭᠡᠢ ᠠᠳᠠᠭᠠᠷᠬ᠎ᠠ ᠭᠡᠵᠦ ᠪᠤᠮᠠᠨ ᠮᠦᠷᠦᠭᠡᠳᠦᠯ ᠢᠶᠠᠨ ᠲᠠᠰᠤᠳᠠᠵᠤ᠂ ᠪᠤᠷᠤ ᠲᠡᠭᠳᠡᠷ ᠠᠴᠠ ᠵᠤᠤ ᠵᠢᠶᠦ᠋ᠨ ᠤ ᠬᠠᠭᠤᠴᠢᠨ ᠮᠦᠷ ᠢ ᠮᠦᠷᠳᠡᠵᠦ᠂ ᠡᠪ ᠵᠤᠬᠢᠴᠡᠯ ᠤᠨ ᠢᠷᠠᠭᠤ ᠠᠶᠠᠯᠭᠤ ᠶᠢ ᠢᠯᠠᠭᠤᠭᠰᠠᠨ ᠬᠤᠭᠤᠯᠠᠢ ᠪᠠᠷ ᠤᠩᠰᠢᠵᠤ ᠲᠠᠭᠤᠯᠠᠳᠠᠭ ᠪᠢᠯᠠ᠃ᠨᠢᠭᠡᠨ ᠲᠡᠷᠭᠡᠯ ᠨᠠᠮᠤᠷ ᠤᠨ ᠴᠤᠩᠬᠢᠶᠠᠯ ᠴᠡᠩᠬᠡᠷ ᠦᠩᠭᠡ ᠪᠠᠷ ᠮᠡᠯᠮᠡᠷᠡᠨ᠂ ᠲᠡᠷᠳᠡᠭᠡ ᠵᠠᠭᠤᠨ ᠢ ᠲᠠᠮᠠᠭᠠᠯᠠᠵᠤ ᠦᠯᠡᠳᠡᠭᠡᠭᠰᠡᠨ ᠲᠡᠷᠡ ᠬᠤᠯᠠ ᠶᠢᠨ ᠱᠠᠰᠳᠢᠷ᠂ ᠲᠦᠮᠡᠳ ᠤᠨ ᠲᠠᠯ᠎ᠠ ᠪᠠᠷ ᠴᠤᠭᠤᠷᠬᠠᠢ ᠲᠡᠭᠷᠢ ᠶᠢᠨ ᠲᠠᠭᠤᠳᠤ ᠪᠤᠷᠤᠭᠠᠨ ᠰᠢᠭ ᠦᠩᠭᠡᠷᠡᠨ ᠤᠳᠴᠤ᠂ ᠲᠡᠷᠭᠡᠳᠡ ᠬᠤᠴᠤᠷᠤᠭᠰᠠᠨ ᠨᠠᠮᠤᠷ ᠤᠨ ᠨᠠᠪᠴᠢᠰ ᠲᠤ ᠮᠢᠨᠦ ᠦᠢᠯᠡᠰ ᠢ ᠵᠠᠯᠭᠠᠵᠤ ᠲᠡᠮᠳᠡᠭᠯᠡᠪᠡ᠃   ᠡᠨᠡ ᠦᠢᠯᠡᠰ ᠤᠨ ᠵᠠᠮ ᠢᠶᠠᠷ ᠲᠦᠮᠡᠳ ᠤᠨ ᠬᠡᠤᠬᠡᠳ ᠲᠤ ᠦᠰᠦᠭ ᠪᠢᠴᠢᠭ ᠲᠠᠨᠢᠭᠤᠯᠤᠶ᠎ᠠ ᠭᠡᠵᠦ ᠯᠠ ᠦᠷᠦ ᠵᠢᠷᠦᠬᠡᠨ ᠠᠴᠠ ᠪᠠᠨ ᠴᠢᠰᠤ ᠲᠠᠭᠠᠪᠤᠷᠢᠯᠠᠭᠤᠯᠵᠤ᠂ ᠪᠦᠳᠦᠷᠢᠵᠦ ᠪᠤᠰᠴᠣ ᠦᠰᠦ ᠰᠦᠰᠦ ᠠᠴᠠ ᠪᠠᠨ ᠰᠦᠭ ᠰᠦᠯᠳᠡ ᠪᠠᠳᠠᠷᠠᠭᠤᠯᠤᠨ᠂ ᠤᠮᠤᠭᠯᠠᠩ ᠦᠨᠳᠡᠶᠢᠵᠦ ᠢᠳᠡᠭᠡᠯ ᠤᠷᠭᠤᠭᠤᠯᠵᠤ᠂ ᠵᠦᠳᠡᠭᠦᠷᠢ ᠪᠠᠷ ᠵᠢᠷᠭᠠᠯ ᠪᠤᠯᠭᠠᠵᠤ ᠶᠠᠪᠤᠭᠰᠠᠨ ᠶᠤᠮ ᠁   ᠡᠨᠡ ᠦᠢᠯᠡᠰ ᠤᠨ ᠵᠠᠮ ᠢᠶᠠᠷ ᠨᠠᠮᠤᠷ ᠤᠨ ᠮᠦᠷᠦᠭᠡᠳᠦᠯ ᠢ ᠨᠢᠯᠪᠤᠰᠤ ᠪᠠᠷ ᠮᠤᠬᠤᠭᠠᠨ᠂ ᠢᠷᠡᠭᠡᠳᠦᠢ ᠬᠠᠮᠢᠭ᠎ᠠ ᠪᠠᠶᠢᠬᠤ ᠶᠢ ᠡᠯᠡᠷ ᠪᠠᠯᠠᠷ ᠲᠡᠮᠳᠡᠷᠬᠢᠯᠡᠨ ᠮᠦᠷᠦᠭᠡᠳᠴᠤ᠂ ᠲᠤᠷᠠᠯᠠᠯ ᠳᠤ ᠶᠠᠭᠤ ᠤᠯᠳᠠᠬᠤ ᠶᠢ ᠠᠯᠳᠠᠭ ᠤᠨᠤᠭ ᠡᠷᠢᠨ᠂ ᠠᠮᠵᠢᠯᠳᠠ ᠪᠠᠶᠢᠬᠤ ᠡᠰᠡᠭᠦ ᠶᠢ ᠠᠯᠵᠢᠶᠠᠳᠠᠯ᠎ᠠ ᠮᠦᠷᠦᠭᠡᠳᠴᠤ᠂ ᠴᠦᠬᠦᠷᠡᠯ ᠦᠭᠡᠢ ᠵᠢᠳᠭᠦᠵᠦ ᠶᠠᠪᠤᠭᠰᠠᠨ ᠶᠤᠮ ᠁   ᠡᠨᠡ ᠤᠶᠢᠯᠡᠰ ᠤᠨ ᠵᠠᠮ ᠢᠶᠠᠷ ᠨᠠᠮᠤᠷ ᠤᠨ ᠮᠦᠷᠦᠭᠡᠳᠦᠯ ᠳᠤ ᠨᠤᠳᠤᠭ ᠤᠰᠤ᠂ ᠡᠴᠢᠭᠡ ᠡᠬᠡ ᠪᠠᠨ ᠡᠩᠰᠡᠷᠡᠳᠡᠯ᠎ᠡ ᠰᠠᠨᠠᠵᠤ᠂ ᠡᠭᠡᠴᠢ ᠲᠡᠭᠦᠦ᠂ ᠪᠠᠭᠰᠢ ᠨᠦᠬᠦᠳ ᠢᠶᠠᠨ ᠦᠭᠡᠶᠢᠯᠡᠨ ᠲᠤᠷᠠᠰᠴᠤ᠂᠂ ᠰᠢᠯᠦᠭ ᠵᠤᠬᠢᠶᠠᠯ ᠡᠷᠢᠶᠡᠴᠢᠵᠦ᠂ ᠬᠢᠵᠠᠭᠠᠷ ᠦᠭᠡᠢ ᠰᠠᠨᠠᠯ ᠳᠤ ᠡᠮᠵᠡᠭᠬᠡᠨ ᠶᠠᠪᠤᠭᠰᠠᠨ ᠶᠤᠮ ᠁ᠡᠨᠡ ᠤᠶᠢᠯᠠᠰ ᠤᠨ ᠵᠠᠮ ᠢᠶᠠᠷ ᠨᠠᠮᠤᠷ ᠤᠨ ᠭᠡᠶᠦᠷᠡᠯ ᠳᠤ ᠪᠠᠶ᠎ᠠ ᠰᠡᠳᠭᠢᠯ ᠢᠶᠠᠨ ᠴᠢᠯᠡᠬᠡᠵᠦ᠂ ᠵᠠᠶᠠᠭ᠎ᠠ ᠲᠠᠪᠢᠯᠠᠩ ᠳᠠᠭᠠᠨ ᠤᠶᠢᠳᠤᠨ᠂ ᠨᠤᠭᠤᠷᠠᠯ ᠪᠦᠳᠦᠷᠢᠯ᠂ ᠵᠤᠪᠠᠯ ᠵᠢᠷᠭᠠᠯ ᠢ ᠠᠯᠠᠭ ᠦᠭᠡᠢ ᠠᠮᠰᠠᠵᠦ᠂ ᠦᠭᠡ ᠦᠭᠡᠢ ᠬᠤᠭᠤᠰᠤᠨ ᠦᠭᠦᠯᠡᠪᠤᠷᠢ᠂ ᠠᠶ᠎ᠠ ᠤᠯᠳᠠᠬᠤ ᠦᠭᠡᠢ ᠤᠯᠠᠨ ᠨᠤᠲ ᠢ ᠵᠡᠭᠦᠳᠦᠨ ᠳᠡᠭᠡᠨ ᠬᠦᠭᠵᠢᠮ ᠪᠤᠯᠭᠠᠨ ᠰᠡᠭᠦᠳᠡᠷ ᠦᠭᠡᠳᠡ ᠴᠢᠪᠠᠭᠳᠠᠵᠤ ᠶᠠᠪᠤᠭᠰᠠᠨ ᠶᠤᠮ ᠁   ︽ᠤᠶᠢᠳᠪᠠᠰᠤ ᠰᠢᠯᠦᠭ ᠲᠤᠷ ᠤᠷᠮ᠎ᠠ ᠲᠠᠢ ᠪᠤᠯᠤᠮᠤᠢ︾ ᠭᠡᠳᠡᠭ ᠨᠡᠬᠡᠷᠡᠨ ᠤᠤ ᠳ᠋ᠠ︖ ᠴᠡᠴᠡᠭ ᠤᠨ ᠭᠡᠷᠡᠰᠭᠡ ᠶᠢ ᠲᠦᠰᠢᠨ ᠵᠤᠯᠭᠠᠷᠠᠬᠤ ᠨᠠᠪᠴᠢᠰ ᠢ ᠬᠠᠷᠠᠨ ᠱᠤᠭᠰᠢᠳᠠᠯ᠎ᠠ ᠤᠬᠢᠯᠠᠵᠤ᠂ ᠡᠷᠳᠡᠨ ᠤ ᠬᠦᠮᠦᠰ ᠢ ᠲᠠᠭᠤᠷᠢᠶᠠᠨ ᠂ ᠴᠢᠩ ᠦᠨᠡᠨᠴᠢ ᠬᠠᠶᠢᠷ᠎ᠠ ᠪᠠᠨ ᠠᠭᠤᠳᠠᠯᠤᠨ ᠪᠠᠷᠢᠬᠤ ᠳᠤ ᠤᠷᠪᠠᠭᠤᠯᠵᠤ ᠦᠵᠡᠬᠦ ᠬᠦᠮᠦᠨ ᠦᠭᠡᠢ ᠶᠢᠨ ᠤᠴᠢᠷ ᠤᠷᠳᠤ ᠶᠢᠨ ᠤᠷᠳᠤ ᠰᠠᠭᠦᠷᠡᠰᠤᠯᠡᠯ ᠮᠢᠨᠢ ᠠᠯᠠᠭ ᠬᠤᠷᠸ᠎ᠠ ᠶᠢ ᠮᠡᠭᠰᠢᠷᠡᠳᠡᠯ᠎ᠡ ᠤᠶᠠᠷᠠᠭᠤᠯᠵᠤ᠂ ᠡᠷᠭᠡᠯᠡᠵᠦ ᠲᠤᠨᠢᠶᠠᠷᠬᠠᠬᠰᠠᠨ ᠬᠡᠤᠬᠡᠨ ᠠᠭᠠᠯᠢ ᠪᠠᠨ ᠵᠦᠪᠬᠡᠨ ᠨᠠᠮᠤᠷ ᠵᠦᠭ ᠠᠰᠬᠠᠷᠠᠭᠤᠯᠣᠭᠰᠠᠨ ᠪᠢᠯᠠ ᠁   ᠤᠬᠠᠭ᠎ᠠ ᠰᠦᠯᠡᠭᠰᠡᠨ ᠠᠮᠢᠳᠤᠷᠠᠯ ᠤᠨ ᠨᠠᠮᠤᠷ ᠤᠴᠠᠷᠠᠯ ᠪᠦᠬᠦᠨ ᠦᠪᠡᠷ ᠤᠨ ᠲᠤᠷᠠᠰᠤᠮᠵᠢ ᠲᠠᠢ ᠠᠵᠢ᠃   ᠨᠠᠮᠤᠷ ᠤᠨ ᠲᠡᠭᠷᠢ ᠦᠨᠳᠦᠷᠬᠡᠨ᠂ ᠨᠠᠮᠤᠷ ᠤᠨ ᠨᠠᠷᠠᠨ ᠬᠤᠷᠴᠠᠬᠠᠨ᠂ ᠨᠠᠮᠤᠷ ᠤᠨ ᠲᠡᠯᠡᠬᠡᠢ ᠠᠭᠤᠳᠠᠮᠬᠠᠨ᠂ ᠠᠭᠤᠳᠠᠮᠬᠠᠨ ᠵᠠᠢ ᠪᠠᠷ ᠨᠢ ᠪᠤᠯᠪᠠᠰᠤᠷᠠᠭᠰᠨᠨ ᠨᠠᠮᠤᠷ ᠪᠠᠭᠠᠳᠤᠯᠳᠤ ᠬᠤᠷᠢᠶᠠᠯᠳᠠ ᠪᠠᠷ ᠢᠶᠠᠨ ᠪᠠᠶᠠᠨ ᠰᠠᠩ ᠢ ᠲᠦᠭᠦᠷᠬᠡᠨ ᠂ ᠪᠤᠶᠠᠨᠳᠤ ᠬᠦᠮᠦᠷᠭᠡ ᠶᠢ ᠪᠢᠯᠬᠠᠭᠤᠯᠤᠨ᠎ᠠ᠃   ᠶᠠᠭ ᠡᠨᠡ ᠦᠶ᠎ᠡ ᠪᠠᠷ ᠰᠤᠷᠤᠭᠰᠠᠨ ᠮᠡᠳᠡᠯᠭᠡ ᠶᠢᠨ ᠰᠤᠳᠤᠨ ᠪᠦᠬᠦᠨ ᠢ ᠱᠦᠭᠦᠵᠦ ᠪᠢᠳᠡᠭᠦᠮᠵᠢᠯᠡᠭᠰᠡᠨ ᠲᠤᠭᠳᠦ᠋ᠢᠳᠤ ᠵᠡᠬᠢᠶ᠎ᠡ ᠶᠢ ᠠᠯᠠᠭᠠᠨ ᠳᠠᠭᠠᠨ ᠲᠤᠰᠴᠣ᠂ ᠲᠤᠬᠤ ᠦᠭᠡᠢ ᠲᠡᠷᠪᠡᠵᠦ ᠲᠡᠪᠬᠡᠷᠦᠭᠰᠡᠨ ᠲᠡᠷᠡ ᠮᠦᠴᠡ ᠳᠤ ᠵᠠᠯᠠᠭᠤ ᠨᠠᠰᠤ ᠮᠢᠨᠢ ᠦᠳᠦ ᠪᠠᠨ ᠰᠤᠯᠢᠬᠰᠠᠨ ᠪᠦᠷᠬᠦᠳ ᠮᠡᠳᠦ ᠬᠦᠰᠡᠯ ᠤᠨ ᠵᠢᠭᠦᠷ ᠢᠶᠠᠨ ᠬᠦᠴᠦᠳᠠᠢ ᠲᠡᠯᠭᠡᠵᠦ᠂ ᠬᠦᠵᠦᠭᠦᠦ ᠤᠷᠳᠦ ᠵᠠᠮ ᠢ ᠵᠤᠷᠢᠭᠳᠠᠢ ᠲᠤᠭᠤᠯᠬᠤ ᠳᠤ ᠮᠦᠩᠭᠡ ᠲᠡᠭᠷᠢ ᠨᠠᠮᠠᠢᠢ ᠢᠪᠡᠭᠡᠨ ᠲᠡᠳᠬᠦᠵᠦ ᠪᠠᠶᠢᠭᠰᠠᠨ ᠁   ᠶᠠᠭ ᠡᠨᠡ ᠦᠶ᠎ᠡ ᠪᠠᠷ ᠵᠢᠰᠦᠨ ᠰᠠᠷ᠎ᠠ ᠶᠢᠨ ᠠᠷᠪᠠᠨ ᠤ ᠪᠠᠭᠰᠢ ᠶᠢᠨ ᠪᠠᠶᠠᠷ ᠲᠤᠬᠢᠶᠠᠯᠳᠤᠵᠤ᠂ ᠰᠦᠨᠢ ᠡᠳᠦᠷ ᠤᠨ ᠴᠢᠯᠡᠭᠡ ᠮᠢᠨᠢ ᠰᠢᠯᠢᠳᠡᠭ ᠪᠠᠭᠰᠢ ᠪᠠᠷ ᠰᠤᠯᠢᠭᠳᠡᠵᠦ᠂ ᠱᠠᠩᠨᠠᠯ ᠬᠦᠬᠢᠬᠦᠯᠦᠯ ᠤᠨ ᠲᠠᠶᠢᠰᠠᠨ ᠳᠤ ᠤᠯᠠᠭᠠᠨ ᠴᠡᠴᠡᠭ ᠦᠷᠦ ᠵᠢᠷᠦᠭᠡ ᠶᠢ ᠭᠡᠶᠢᠭᠦᠯᠵᠦ᠂ ᠤᠷᠭᠢᠯᠦᠮ᠎ᠡ ᠵᠤᠷᠢᠭ ᠪᠦᠬᠦ ᠪᠠᠶ᠎ᠠ ᠠᠴᠠ ᠤᠨᠳᠤᠷᠤᠨ᠂ ᠡᠭᠡᠯ ᠨᠢᠭᠡᠨ ᠪᠠᠭᠰᠢ ᠨᠡᠷ᠎ᠡ ᠶᠢ ᠬᠠᠳᠠᠭᠤᠵᠢᠯᠳᠠᠢ ᠬᠦᠳᠡᠯᠮᠦᠷᠢ ᠪᠠᠷ ᠢᠶᠠᠨ ᠡᠷᠭᠦᠨ ᠶᠠᠪᠤᠬᠤ ᠳᠤ ︽ᠬᠦᠮᠦᠨ ᠲᠦᠷᠦᠯᠬᠢᠳᠡᠨ ᠤ ᠤᠶᠤᠨ ᠤ ᠢᠨᠵᠧᠨᠧᠷ︾ ᠭᠡᠬᠦ ᠢᠷᠠᠭᠤ ᠠᠯᠳᠠᠷ ᠠᠴᠠ ᠦᠩᠭᠡ ᠭᠡᠷᠡᠯ ᠰᠠᠴᠤᠷᠠᠵᠤ ᠪᠠᠶᠢᠭᠰᠠᠨ ᠁   ᠶᠠᠭ ᠡᠨᠡ ᠦᠶ᠎ᠡ ᠪᠠᠷ ᠬᠦᠮᠦᠨ ᠤ ᠡᠭᠦᠳᠡᠨ ᠳᠤ ᠪᠡᠷᠢ ᠶᠢᠨ ᠶᠤᠰᠤ ᠶᠢ ᠬᠢᠴᠢᠶᠡᠵᠦ ᠠᠩᠬ᠎ᠠ ᠤᠳᠠᠭ᠎ᠠ ᠠᠬ᠎ᠠ ᠪᠡᠷᠭᠡᠨ ᠲᠠᠢ ᠪᠠᠨ ᠭᠤᠷᠪᠠᠭᠤᠯᠠ ᠬᠠᠳᠠᠮᠴᠢᠯᠠᠵᠤ ᠬᠦᠷᠦᠭᠰᠡᠨ ᠲᠡᠤᠭᠡ ᠲᠠᠢ ᠰᠠᠨ᠃ ᠲᠤᠷᠭᠠᠨ ᠬᠠᠶᠢᠷ᠎ᠠ ᠶᠢᠨ ᠲᠠᠩᠰᠤᠭ ᠨᠠᠮᠤᠷ ᠬᠤᠩᠭᠤᠷᠬᠠᠨ ᠪᠠᠶᠢᠭᠰᠠᠨ᠃ ᠨᠡᠷᠡᠨ ᠤ ᠪᠤᠴᠠᠯᠤᠮ᠎ᠠ ᠢᠯᠴᠢ ᠵᠤᠯ ᠵᠢᠷᠭᠠᠯ ᠢ ᠰᠡᠷᠡᠯ ᠮᠡᠳᠡᠷᠡᠯ ᠪᠦᠬᠦᠨ ᠢᠶᠠᠷ ᠲᠦᠭᠡᠨᠡᠵᠤ᠂ ᠡᠷᠬᠢ ᠦᠭᠡᠢ ᠢᠨᠠᠭ ᠤᠨ ᠲᠠᠯᠠᠢ ᠳᠤ ᠡᠷᠬᠡ ᠲᠤᠷ᠎ᠠ ᠪᠠᠷ ᠨᠤᠶᠠᠷᠬᠠᠭᠳᠠᠨ ᠱᠤᠩᠪᠠᠵᠤ ᠪᠠᠶᠢᠭᠰᠠᠨ ᠁   ᠶᠠᠭ ᠡᠨᠡ ᠦᠶ᠎ᠡ ᠪᠠᠷ ᠡᠩᠭᠦᠷᠡᠢ ᠬᠦᠭᠡᠷᠦᠬᠦᠨ ᠬᠦᠦ ᠶᠢᠨ ᠢᠶᠠᠨ ᠬᠤᠶᠠᠷ ᠨᠠᠰᠤᠨ ᠳᠤᠨᠢ ᠪᠤᠯᠪᠠᠷᠠᠢ ᠲᠤᠶᠠᠭᠠᠨ ᠬᠡᠤᠬᠡᠨ ᠢᠶᠠᠨ ᠬᠦᠩᠭᠡᠵᠢᠭᠡᠳ ᠬᠠᠷ᠎ᠠ ᠴᠠᠭᠠᠨ ᠦᠷ᠎ᠡ ᠲᠠᠢ ᠬᠠᠯᠠᠭᠤᠨ ᠪᠦᠯᠢᠶᠡᠨ ᠭᠡᠷ ᠪᠦᠯᠢ ᠲᠠᠢ᠂ ᠬᠠᠩᠬᠤᠯᠵᠤ ᠬᠠᠩᠬᠢᠨᠠᠭᠰᠠᠨ ᠬᠠᠶᠢᠷ᠎ᠠ ᠶᠢᠨ ᠪᠦᠪᠠᠢ ᠲᠠᠢ ᠡᠵᠢ ᠬᠦᠮᠦᠨ ᠤ ᠤᠭᠤᠷᠠᠭ ᠴᠠᠭᠠᠨ ᠰᠦ ᠪᠠᠨ ᠴᠡᠯᠬᠢᠯᠠᠭᠤᠯᠵᠤ᠂ ᠡᠷ᠎ᠡ ᠬᠤᠩᠭᠤᠷ ᠬᠠᠨᠢ ᠶᠢᠨ ᠬᠤᠶᠢᠮᠤᠷ ᠲᠤ ᠮᠦᠩᠬᠡ ᠭᠠᠯ ᠤᠨ ᠭᠤᠯᠤᠮᠳᠠ ᠵᠠᠯᠭᠠᠵᠤ᠂ ᠬᠦᠮᠦᠨ ᠤᠳᠤᠮ ᠤᠨ ᠴᠤᠭ ᠠᠰᠠᠭᠠᠵᠤ ᠶᠠᠪᠤᠭᠰᠠᠨ ᠁ᠨᠠᠮᠤᠷᠵᠢᠶ᠎ᠠ ᠠᠴᠠ ᠨᠠᠭᠠᠰᠢᠯᠠᠬᠤ ᠨᠡᠭᠦᠳᠡᠯ ᠤᠨ ᠴᠤᠪᠤᠭ᠎ᠠ ᠤᠷᠳᠦ ᠶᠢᠨ ᠲᠠᠭᠤᠨ ᠤ ᠴᠤᠤᠷᠢᠶ᠎ᠠ ᠲᠠᠢ ᠠᠶᠠᠷ ᠠᠶᠠᠷ ᠰᠠᠵᠢᠯᠠᠨ᠎ᠠ᠃   ᠤᠷᠠᠨ ᠲᠦᠷᠬᠦ ᠠᠬᠤᠢ ᠵᠢᠷᠳᠢᠨᠴᠣ ᠶᠢᠨ ᠤᠯᠠᠷᠢᠯ ᠬᠤᠪᠢᠰᠤᠯ ᠪᠦᠬᠦᠨ ᠦᠪᠡᠷ ᠤᠨ ᠦᠩᠭᠡ ᠪᠠᠷ ᠢᠶᠠᠨ ᠭᠠᠩᠬᠤᠬᠤ ᠪᠦᠭᠡᠳ ᠬᠦᠮᠦᠨ ᠪᠦᠬᠦᠨ ᠳᠤ ᠬᠦᠷᠳᠡᠭᠡᠬᠦ ᠤᠨᠤᠭ ᠠᠯᠳᠠᠭ ᠴᠣ ᠠᠳᠠᠯᠢ ᠦᠭᠡᠢ᠃ᠵᠢᠷᠭᠠᠯ ᠢ ᠵᠢᠷᠭᠠᠯᠳᠠᠢ ᠡᠳ᠋ᠯᠡᠵᠦ ᠵᠤᠪᠠᠯ ᠭᠠᠭᠴᠠᠭᠠᠷᠳᠠᠯ ᠢ ᠴᠣ ᠬᠦᠷ ᠬᠦᠭᠵᠢᠯ ᠢᠶᠠᠷ ᠨᠤᠮᠤᠬᠠᠳᠬᠠᠨ ᠨᠠᠮᠤᠷᠵᠢᠬᠤ ᠬᠦᠮᠦᠨ ᠤᠬᠠᠭᠠᠨ ᠤ ᠰᠡᠳᠭᠢᠯ ᠤᠨ ᠲᠠᠮᠢᠷ ᠲᠡᠷᠡ ᠪᠢᠯᠠ᠂ ᠬᠦᠭᠡ ᠮᠦᠩᠬᠡ ᠲᠡᠭᠷᠢ ᠠᠴᠠ ᠰᠤᠶᠤᠷᠬᠠᠭᠰᠠᠨ ᠢᠪᠡᠭᠡᠯ ᠴᠤ ᠲᠡᠷᠡ ᠶᠤᠮ ᠳ᠋ᠠ᠃   ᠨᠠᠮᠤᠷ ᠭᠡᠭᠴᠢ ᠰᠢᠯᠦᠭᠴᠢ ᠬᠦᠮᠦᠨ ᠤ ᠰᠡᠳᠭᠢᠯ ᠤᠨ ᠠᠨᠢᠷ ᠢᠶᠠᠷ ᠱᠤᠤᠭᠢᠳᠠᠭ ᠤᠯᠠᠷᠢᠯ ᠰᠠᠨᠵᠢ᠃ ᠠᠮᠢᠳᠤᠷᠠᠯ ᠬᠠᠶᠢᠷ᠎ᠠ ᠶᠢᠨ ᠤᠶᠠᠩᠭ᠎ᠠ ᠶᠢ ᠰᠠᠨᠠᠯ ᠮᠦᠷᠤᠭᠡᠳᠦᠯ ᠢᠶᠠᠷ ᠬᠡᠮᠨᠡᠵᠦ᠂ ᠨᠠᠮᠤᠷ ᠨᠠᠮᠤᠷ ᠤᠨ ᠲᠤᠷᠠᠰᠤᠮᠵᠢ ᠪᠠᠷ ᠢᠷᠠᠭᠤ ᠨᠠᠶᠢᠷᠠᠭ ᠢᠳᠡᠭᠡᠰᠢᠭᠦᠯᠦᠨ ᠰᠡᠳᠭᠢᠯ ᠤᠨ ᠤᠶᠠᠩᠭ᠎ᠠ ᠬᠠᠩᠬᠢᠨᠠᠭᠤᠯᠵᠤ᠂ ᠬᠦᠨ ᠨᠠᠮᠤᠷ ᠲᠤ ᠬᠦᠨᠳᠦ ᠪᠠᠷ ᠰᠤᠭᠳᠤᠬᠤ ᠭᠡᠭᠴᠢ ᠪᠠᠰᠠ ᠨᠢᠭᠡᠨ ᠵᠢᠷᠭᠠᠯ ᠶᠤᠮᠰᠠᠨ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号