ᠯᠢᠶᠣᠤ ᠤᠯᠤᠰ ᠠᠯᠲᠠᠨ ᠤᠯᠤᠰ ᠤᠨ ᠦᠶ᠎ᠡ ᠶᠢᠨ ᠬᠠᠭᠠᠨ ᠤ ᠤᠭᠰᠠᠭᠠᠨ ᠤ ᠰᠦᠮ᠎ᠡ ᠬᠡᠶᠢᠳ ᠤᠨ ᠪᠠᠭᠤᠷᠢ ᠶᠢ ᠢᠯᠡᠷᠡᠭᠦᠯᠪᠡ
ᠨᠡᠶᠢᠲᠡᠯᠡᠭᠰᠡᠨ ᠴᠠᠭ᠄
2023/1/17
   10 ᠰᠠᠷ᠎ᠠ ᠶᠢᠨ 13 ᠤ ᠡᠳᠦᠷ᠂ ᠳᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠬᠠᠭᠤᠴᠢ ᠰᠤᠳᠤᠯᠤᠯ ᠤᠨ ᠭᠠᠵᠠᠷ ᠤᠨ ᠥᠪᠥᠷ ᠮᠣᠩᠭᠤᠯ ᠤᠨ ᠬᠤᠶᠠᠳᠤᠭᠠᠷ ᠠᠩᠭᠢ ᠪᠠ ᠥᠪᠥᠷ ᠮᠣᠩᠭᠤᠯ ᠤᠨ ᠲᠡᠤᠬᠡ ᠶᠢᠨ ᠳᠤᠷᠠᠰᠬᠠᠯᠲᠤ ᠵᠦᠢᠯᠡᠰ ᠤᠨ ᠬᠠᠭᠤᠴᠢ ᠰᠤᠳᠤᠯᠤᠯ ᠤᠨ ᠰᠤᠳᠤᠯᠭᠠᠨ ᠤ ᠭᠠᠵᠠᠷ ᠤᠨ ᠬᠠᠮᠳᠤᠷᠠᠬᠰᠠᠨ ᠯᠢᠶᠤᠤ ᠤᠯᠤᠰ ᠤᠨ ᠳᠡᠭᠡᠳᠦ ᠨᠡᠶᠢᠰᠯᠡᠯ ᠤᠨ ᠬᠠᠭᠤᠴᠢ ᠰᠤᠳᠤᠯᠤᠯ ᠤᠨ ᠠᠩᠭᠢ ᠶᠢᠨ ᠬᠢᠨ ᠯᠢᠶᠣᠤ ᠤᠯᠤᠰ ᠤᠨ ᠳᠡᠭᠡᠳᠦ ᠨᠡᠶᠢᠰᠯᠡᠯ ᠤᠨ ᠪᠠᠭᠤᠷᠢ ᠠᠴᠠ ᠯᠢᠶᠣᠤ ᠤᠯᠤᠰ ᠠᠯᠲᠠᠨ ᠤᠯᠤᠰ ᠤᠨ ᠦᠶ᠎ᠡ ᠶᠢᠨ ᠲᠣᠮᠣ ᠬᠡᠯᠪᠡᠷᠢ ᠶᠢᠨ ᠬᠠᠭᠠᠨ ᠤ ᠤᠭᠰᠠᠭᠠᠨ ᠤ ᠰᠦᠮ᠎ᠡ ᠬᠡᠶᠢᠳ ᠤᠨ ᠪᠠᠭᠤᠷᠢ ᠶᠢ ᠢᠯᠡᠷᠡᠭᠦᠯᠵᠡᠶ᠃ ᠡᠨᠡ ᠪᠣᠯ ᠯᠢᠶᠣᠤ ᠤᠯᠤᠰ ᠤᠨ ᠳᠡᠭᠡᠳᠦ ᠨᠡᠶᠢᠰᠯᠡᠯ ᠠᠴᠠ ᠢᠯᠡᠷᠡᠭᠦᠯᠦ᠋ᠭᠰᠡᠨ ᠬᠡᠪᠴᠢᠶ᠎ᠡ ᠪᠠᠷ ᠬᠠᠮᠤᠭ ᠤᠨ ᠶᠡᠭᠡ ᠰᠦᠮ᠎ᠡ ᠬᠡᠶᠢᠳ ᠪᠣᠯᠤᠨ᠎ᠠ    ᠮᠡᠳᠡᠬᠡᠵᠢ᠂ ᠯᠢᠶᠣᠤ ᠶᠢᠨ ᠳᠡᠭᠡᠳᠦ ᠨᠡᠶᠢᠰᠯᠡᠯ ᠤᠨ ᠪᠠᠭᠤᠷᠢ ᠤᠯᠠᠭᠠᠨᠬᠠᠳᠠ ᠬᠤᠲᠠ ᠶᠢᠨ ᠪᠠᠭᠠᠷᠢᠨ ᠵᠡᠭᠦᠨ ᠬᠤᠰᠢᠭᠤᠨ ᠤ ᠯᠢᠨᠳᠦ᠋ᠩ ᠪᠠᠯᠭᠠᠰᠤᠨ ᠤ ᠵᠡᠭᠦᠨ ᠡᠮᠦᠨ᠎ᠡ ᠪᠠᠶᠢᠷᠢᠯᠠᠳᠠᠭ᠃ ᠶᠡᠷᠦᠩᠬᠡᠶ ᠲᠠᠯᠠᠪᠠᠶ ᠨᠢ ᠪᠠᠷᠤᠭ 5 ᠲᠡᠭᠰᠢ ᠳᠥᠷᠪᠡᠯᠵᠢᠨ ᠺᠢᠯᠣᠮᠧᠳ᠋ᠷ ᠪᠤᠢ᠃ ᠡᠨᠡ ᠤᠳᠠᠭ᠎ᠠ ᠶᠢᠨ ᠢᠯᠡᠷᠡᠭᠦᠯᠦ᠋ᠭᠰᠡᠨ ᠬᠠᠭᠠᠨ ᠤ ᠤᠭᠰᠠᠭᠠᠨ ᠤ ᠰᠦᠮ᠎ᠡ ᠬᠡᠶᠢᠳ ᠤᠨ ᠪᠠᠭᠤᠷᠢ ᠶᠢ ᠯᠢᠶᠣᠤ ᠤᠯᠤᠰ ᠤᠨ ᠲᠡᠬᠡᠳᠦ ᠨᠡᠶᠢᠰᠯᠡᠯ ᠤᠨ ᠬᠠᠭᠠᠨ ᠤ ᠬᠤᠲᠠ ᠶᠢᠨ ᠪᠠᠭᠤᠷᠢ ᠶᠢᠨ ᠪᠠᠷᠠᠭᠤᠨ ᠡᠮᠦᠨᠡᠬᠢ ᠥᠨᠳᠦᠷᠯᠢᠭ ᠭᠠᠵᠠᠷ ᠠᠴᠠ ᠢᠯᠡᠷᠡᠬᠦᠯᠵᠡᠢ᠃ ᠲᠡᠷᠡ ᠨᠢ ᠡᠭᠦᠳᠡᠨ ᠬᠠᠷᠰᠢ᠂ ᠡᠮᠦᠨ᠎ᠡ ᠬᠠᠷᠰᠢ ᠪᠣᠯᠤᠨ ᠬᠤᠶᠢᠲᠤ ᠬᠠᠷᠰᠢ ᠭᠡᠬᠦ ᠭᠤᠷᠪᠠᠨ ᠬᠠᠷᠰᠢ ᠪᠠᠷ ᠪᠦᠷᠢᠯᠳᠦᠭᠰᠡᠨ ᠪᠠᠶᠢᠵᠦ᠂ ᠨᠡᠯᠢᠶᠡᠳ ᠪᠦᠷᠢᠨ ᠪᠦᠲᠦᠨ ᠢᠶᠠᠷ ᠦᠯᠡᠳᠡᠵᠡᠢ᠃   ᠬᠠᠭᠤᠴᠢ ᠰᠤᠳᠤᠯᠤᠯ ᠤᠨ ᠮᠠᠯᠳᠠᠯᠭ᠎ᠠ ᠪᠠᠷ ᠢᠯᠡᠷᠡᠬᠦᠯᠦ᠋ᠭᠰᠡᠨ ᠯᠢᠩᠬᠸ᠎ᠠ ᠶᠢᠨ ᠬᠡ ᠲᠠᠢ ᠴᠢᠯᠠᠭᠤᠨ ᠪᠠᠭᠠᠨ᠎ᠠ ᠪᠠ ᠪᠠᠭᠠᠨ᠎ᠠ ᠶᠢᠨ ᠲᠤᠤᠷ ᠤᠨ ᠪᠦᠳᠦᠴᠡ ᠠᠴᠠ ᠡᠬᠦᠨ ᠢ ᠪᠠᠷᠠᠭᠤᠨ ᠠᠴᠠ ᠵᠡᠬᠦᠨᠰᠢ ᠬᠠᠨᠳᠤᠬᠰᠠᠨ ᠬᠠᠭᠠᠨ ᠤ ᠤᠭᠰᠠᠭᠠᠨ ᠤ ᠰᠦᠮ᠎ᠡ ᠬᠡᠶᠢᠳ ᠤᠨ ᠪᠠᠭᠤᠷᠢ ᠮᠦᠨ ᠬᠡᠵᠦ ᠬᠠᠭᠤᠴᠢ ᠰᠤᠳᠤᠯᠭᠠᠳᠠᠳ ᠮᠠᠭᠠᠳᠯᠠᠵᠦ ᠪᠠᠶᠢᠨ᠎ᠠ᠃   ᠳᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠬᠠᠭᠤᠴᠢ ᠰᠤᠳᠤᠯᠤᠯ ᠤᠨ ᠭᠠᠵᠠᠷ ᠤᠨ ᠰᠤᠳᠤᠯᠤᠭᠴᠢ᠂ ᠯᠢᠶᠣᠤ ᠤᠯᠤᠰ ᠤᠨ ᠲᠡᠬᠡᠳᠦ ᠨᠡᠶᠢᠰᠯᠡᠯ ᠤᠨ ᠬᠠᠭᠤᠴᠢ ᠰᠤᠳᠤᠯᠤᠯ ᠤᠨ ᠠᠩᠭᠢ ᠶᠢᠨ ᠳᠠᠷᠤᠭ᠎ᠠ ᠳ᠋ᠦᠩ ᠰᠢᠨ ᠯᠢᠨ ᠤ ᠲᠠᠨᠢᠯᠴᠠᠭᠤᠯᠬᠤ ᠪᠠᠷ᠂ ᠰᠢᠨ᠎ᠡ ᠪᠠᠷ ᠢᠯᠡᠷᠡᠭᠦᠯᠦ᠋ᠭᠰᠡᠨ ᠡᠨᠡ ᠬᠦ ᠰᠦᠮ᠎ᠡ ᠬᠡᠶᠢᠳ ᠤᠨ ᠪᠠᠭᠤᠷᠢ ᠶᠢᠨ ᠬᠡᠪᠴᠢᠶ᠎ᠡ ᠨᠢ ᠮᠠᠰᠢ ᠶᠡᠭᠡ ᠪᠠᠶᠢᠵᠦ᠂ ᠯᠢᠶᠣᠤ ᠤᠯᠤᠰ ᠤᠨ ᠳᠡᠭᠡᠳᠦ ᠨᠡᠶᠢᠰᠯᠡᠯ ᠠᠴᠠ ᠢᠯᠡᠷᠡᠭᠦᠯᠦ᠋ᠭᠰᠡᠨ ᠬᠡᠪᠴᠢᠶ᠎ᠡ ᠪᠠᠷ ᠬᠠᠮᠤᠭ ᠤᠨ ᠶᠡᠭᠡ ᠰᠦᠮ᠎ᠡ ᠬᠡᠶᠢᠳ ᠪᠣᠯᠤᠨ᠎ᠠ᠃ᠵᠢᠴᠢ ᠯᠢᠶᠣᠤ ᠤᠯᠤᠰ ᠮᠥᠬᠦᠭᠰᠡᠨ ᠤ ᠳᠠᠷᠠᠭ᠎ᠠ᠂ ᠠᠯᠲᠠᠨ ᠤᠯᠤᠰ ᠤᠨ ᠦᠶ᠎ᠡ ᠳᠤ ᠲᠤᠰ ᠰᠦᠮ᠎ᠡ ᠬᠡᠶᠢᠳ ᠢ ᠬᠤᠶᠠᠳᠠᠬᠢ ᠤᠳᠠᠭ᠎ᠠ ᠵᠠᠰᠠᠵᠦ ᠦᠷᠭᠦᠯᠵᠢᠯᠡᠨ ᠠᠰᠢᠬᠯᠠᠵᠦ ᠪᠠᠶᠢᠬᠰᠠᠨ ᠢ ᠮᠠᠯᠲᠠᠯᠲᠠ ᠶᠢᠨ ᠶᠠᠪᠤᠴᠠ ᠳᠤ ᠢᠯᠡᠷᠡᠬᠦᠯᠦ᠋ᠭᠰᠡᠨ ᠪᠠᠶᠢᠨ᠎ᠠ᠃   ᠯᠢᠶᠣᠤ ᠤᠯᠤᠰ ᠤᠨ ᠳᠡᠭᠡᠳᠦ ᠨᠡᠶᠢᠰᠯᠡᠯ ᠤᠨ ᠲᠤᠬᠠᠢ ᠲᠤᠯᠭᠤᠷ ᠪᠢᠴᠢᠭ ᠤᠳ ᠲᠤ ᠲᠡᠮᠳᠡᠭᠯᠡᠭᠰᠡᠨ ᠢᠶᠠᠷ᠂ ᠯᠢᠶᠣᠤ ᠤᠯᠤᠰ ᠤᠨ ᠦᠶ᠎ᠠ ᠳᠤ ᠪᠤᠷᠬᠠᠨ ᠱᠠᠰᠢᠨ ᠢ ᠶᠡᠭᠡ ᠪᠠᠷ ᠰᠢᠳᠦᠵᠦ᠂ ᠲᠡᠬᠡᠳᠦ ᠨᠡᠶᠢᠰᠯᠡᠯ ᠤᠨ ᠬᠤᠲᠠ ᠶᠢᠨ ᠳᠣᠲᠣᠷ᠎ᠠ ᠮᠠᠰᠢ ᠣᠯᠠᠨ ᠰᠦᠮ᠎ᠡ ᠬᠡᠶᠢᠳ ᠪᠠᠶᠢᠭᠰᠠᠨ ᠬᠡᠳᠡᠭ᠃ ︽ᠯᠢᠶᠣᠤ ᠤᠯᠤᠰ ᠠᠯᠲᠠᠨ ᠤᠯᠤᠰ ᠤᠨ ᠦᠶ᠎ᠡ ᠶᠢᠨ ᠰᠦᠮ᠎ᠡ ᠬᠡᠶᠢᠳ ᠢ ᠢᠩᠭᠢᠵᠦ ᠶᠡᠭᠡ ᠬᠡᠪᠴᠢᠶ᠎ᠡ ᠪᠠᠷ ᠠᠭᠤᠳᠠᠯᠤᠨ ᠮᠠᠯᠲᠠᠭᠰᠠᠨ ᠨᠢ ᠠᠩᠬ᠎ᠠ ᠤᠳᠠᠭ᠎ᠠ ᠪᠤᠯᠤᠨ᠎ᠠ᠂ ᠡᠨᠡ ᠪᠤᠯ ᠯᠢᠶᠣᠤ ᠤᠯᠤᠰ ᠠᠯᠲᠠᠨ ᠤᠯᠤᠰ ᠤᠨ ᠦᠶ᠎ᠡ ᠶᠢᠨ ᠰᠦᠮ᠎ᠡ ᠬᠡᠶᠢᠳ ᠤᠨ ᠬᠠᠭᠤᠴᠢ ᠰᠤᠳᠤᠯᠤᠯ ᠤᠨ ᠴᠢᠬᠤᠯᠠ ᠮᠠᠲ᠋ᠧᠷᠢᠶᠠᠯ ᠪᠤᠯᠬᠤ ᠶᠤᠮ᠂ ᠮᠦᠨ ᠴᠤ ︿ᠯᠢᠶᠣᠤ ᠤᠯᠤᠰ ᠤᠨ ᠳᠡᠭᠡᠳᠦ ᠨᠡᠶᠢᠰᠯᠡᠯ ᠪᠣᠯᠤᠨ ᠯᠢᠶᠣᠤ ᠶᠢᠨ ᠲᠡᠬᠡᠳᠦᠰ ᠤᠨ ᠣᠩᠭᠤᠨ ᠤ ᠪᠠᠭᠤᠷᠢ﹀ ᠶᠢ ᠳᠡᠯᠡᠬᠡᠶ ᠶᠢᠨ ᠰᠣᠶᠣᠯ ᠤᠨ ᠥᠪ ᠢᠶᠠᠷ ᠡᠷᠡᠮᠡᠯᠵᠡᠯᠡᠬᠦ ᠳᠤ ᠴᠢᠬᠤᠯᠠ ᠬᠠᠭᠤᠴᠢ ᠰᠤᠳᠤᠯᠤᠯ ᠤᠨ ᠵᠢᠱᠢᠶ᠎ᠡ ᠪᠤᠯᠬᠤ ᠪᠤᠯᠤᠨ᠎ᠠ︾ ᠬᠡᠵᠦ ᠰᠤᠳᠤᠯᠭᠠᠳᠠᠳ ᠦᠵᠡᠵᠦ ᠪᠤᠢ᠃
 
ᠢᠷᠡᠯᠲᠡ᠄ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号