ᠮᠤᠩᠭᠤᠯ ᠰᠤᠲᠤᠯᠤᠯ ᠲᠠᠢ ᠬᠤᠯᠪᠤᠬᠲᠠᠬᠤ ᠲᠦᠪᠡᠳ ᠰᠤᠷᠪᠤᠯᠵᠢ ᠪᠢᠴᠢᠭ ᠢ ᠡᠮᠬᠢᠳᠭᠡᠨ ᠠᠰᠢᠬᠯᠠᠬᠤ ᠠᠵᠢᠯ ᠰᠢᠨ᠎ᠡ ᠲᠡᠭᠳᠡᠷ ᠲᠤ ᠭᠠᠷᠤᠯ᠎ᠠ
ᠨᠡᠶᠢᠲᠡᠯᠡᠭᠰᠡᠨ ᠴᠠᠭ᠄
2023/1/17
   1247 ᠤᠨ ᠳᠤ ᠦᠬᠡᠳᠡᠢ ᠬᠠᠭᠠᠨ ᠤ ᠬᠦᠪᠡᠬᠦᠨ ᠬᠦᠳᠡᠨ ᠨᠤᠶᠠᠨ᠂ ᠲᠦᠪᠡᠳ ᠤᠨ ᠰᠠᠰᠭᠢᠶ᠎ᠠ ᠪᠠᠨᠲᠢᠲᠠ ᠬᠦᠩᠭᠠᠵᠠᠯᠰᠠᠨ ᠲᠠᠢ ᠯᠢᠶᠠᠩᠵᠸᠦ ᠳᠤ ᠵᠤᠯᠭᠠᠭᠰᠠᠨ ᠠᠴᠠ ᠮᠤᠩᠭᠤᠯ ᠤᠷᠤᠨ ᠳᠤ ᠪᠤᠷᠬᠠᠨ ᠤ ᠱᠠᠰᠢᠨ ᠡᠬᠢᠯᠡᠨ ᠤᠯᠠᠮᠵᠢᠯᠠᠨ ᠲᠡᠯᠭᠡᠷᠡᠭᠰᠡᠨ ᠪᠠᠶᠢᠨ᠎ᠠ᠃ ᠡᠨᠡ ᠬᠦ ᠲᠡᠦᠭᠡᠨ ᠭᠡᠷᠡᠭ ᠶᠠᠪᠤᠲᠠᠯ ᠨᠢ ᠲᠡᠦᠭᠡ ᠰᠤᠲᠤᠯᠤᠬᠴᠢᠳ ᠤᠨ ᠬᠠᠷᠠᠭᠠᠨ ᠳᠠᠬᠢ ᠮᠤᠩᠭᠤᠯ ᠲᠦᠪᠡᠳ ᠬᠤᠶᠠᠷ ᠦᠨᠲᠦᠰᠦᠳᠡᠨ ᠤ ᠬᠠᠷᠢᠯᠴᠠᠭ᠎ᠠ ᠶᠠᠪᠤᠯᠴᠠᠭᠠᠨ ᠤ ᠡᠬᠢᠯᠡᠯᠳᠡ ᠪᠤᠯᠤᠬᠰᠠᠨ ᠪᠦᠬᠡᠳ ᠪᠠᠷᠤᠭ ᠯᠡ ᠡᠨᠡ ᠦᠶ᠎ᠡ ᠠᠴᠠ ᠡᠬᠢᠯᠡᠭᠡᠳ ᠮᠤᠩᠭᠤᠯᠴᠤᠳ ᠲᠠᠢ ᠬᠤᠯᠪᠤᠬᠲᠠᠬᠤ ᠲᠦᠪᠡᠳ ᠰᠤᠷᠪᠤᠯᠵᠢ ᠪᠢᠴᠢᠭ ᠤᠳ ᠪᠤᠢ ᠪᠤᠯᠤᠬᠰᠠᠨ ᠪᠢᠯᠡ᠃   ᠤᠯᠠᠨ ᠵᠠᠭᠤᠨ ᠤ ᠲᠤᠷᠰᠢ᠂ ᠮᠤᠩᠭᠤᠯᠴᠤᠳ ᠤᠨ ᠲᠡᠦᠭᠡ ᠪᠠ ᠰᠤᠶᠤᠯ ᠲᠠᠢ ᠬᠤᠯᠪᠤᠬᠲᠠᠬᠤ ᠨᠤᠮ ᠪᠢᠴᠢᠭ ᠲᠦᠪᠡᠳ ᠢᠶᠠᠷ ᠲᠠᠰᠤᠷᠠᠯᠲᠠ ᠦᠬᠡᠢ ᠵᠤᠬᠢᠶᠠᠨ ᠪᠦᠲᠦᠭᠡᠭᠳᠡᠵᠦ᠂ ᠮᠤᠩᠭᠤᠯ ᠯᠠᠮᠠ ᠡᠷᠳᠡᠮᠳᠡᠳ ᠤᠨ ᠤᠶᠤᠨ ᠤᠬᠠᠭᠠᠨ ᠤ ᠲᠠᠯᠠᠰᠲᠦ ᠪᠠ ᠲᠦᠪᠡᠳ ᠯᠠᠮᠠ ᠡᠷᠳᠡᠮᠳᠡᠳ ᠤᠨ ᠮᠤᠩᠭᠤᠯ ᠰᠤᠶᠤᠯ ᠲᠡᠦᠬᠡ ᠳᠤ ᠬᠠᠨᠲᠤᠭᠤᠯᠤᠬᠰᠠᠨ ᠲᠡᠮᠳᠡᠭᠯᠡᠯ ᠵᠤᠬᠢᠶᠠᠯ ᠤᠳ ᠨᠢ ᠮᠤᠩᠭᠤᠯ ᠰᠤᠲᠤᠯᠤᠯ ᠤᠨ ᠨᠢᠬᠡᠨ ᠤᠮᠲᠤᠭᠠᠶᠢᠯᠠᠵᠦ ᠪᠤᠯᠤᠰᠢ ᠦᠬᠡᠢ ᠴᠢᠬᠤᠯᠠ ᠬᠦᠷᠢᠶ᠎ᠡ ᠴᠠᠷᠠᠭ᠎ᠠ ᠪᠤᠯᠤᠬᠰᠠᠭᠠᠷ ᠢᠷᠡᠭᠰᠡᠨ ᠪᠢᠯᠡ᠃ ᠨᠢᠲᠤᠨᠤᠨ᠂ ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠳᠤ ᠮᠤᠩᠭᠤᠯ ᠰᠤᠲᠤᠯᠤᠯ ᠤᠨ ᠲᠦᠪᠡᠳ ᠰᠤᠷᠪᠤᠯᠵᠢᠰ ᠰᠤᠲᠤᠯᠬᠤ ᠲᠦᠪ ᠪᠠᠶᠢᠭᠤᠯᠤᠬᠲᠠᠵᠦ᠂ ᠮᠠᠨ ᠤ ᠤᠯᠤᠰ ᠲᠤ ᠮᠤᠩᠭᠤᠯ ᠰᠤᠲᠤᠯᠤᠯ ᠲᠠᠢ ᠬᠤᠯᠪᠤᠭᠲᠠᠬᠤ ᠲᠦᠪᠡᠳ ᠰᠤᠷᠪᠤᠯᠵᠢ ᠪᠢᠴᠢᠭ ᠢ ᠰᠤᠲᠤᠯᠬᠤ ᠲᠤᠰᠬᠠᠢ ᠪᠠᠶᠢᠭᠤᠯᠤᠮᠵᠢ ᠦᠬᠡᠢ ᠪᠠᠶᠢᠬᠰᠠᠨ ᠬᠤᠭᠤᠰᠤᠨ ᠢ ᠨᠦᠬᠦᠪᠦᠷᠢᠯᠡᠵᠦ᠂ ᠮᠤᠩᠭᠤᠯ ᠰᠤᠲᠤᠯᠤᠯ ᠤᠨ ᠬᠦᠷᠢᠶ᠎ᠡ ᠴᠠᠷᠠᠭ᠎ᠠ ᠶᠢ ᠤᠯᠠᠮ ᠴᠠᠭᠠᠰᠢ ᠲᠡᠯᠡᠭᠰᠡᠨ ᠪᠢᠯᠡ᠃   ᠤᠲᠤ᠂ 800 ᠰᠢᠬᠠᠮ ᠵᠢᠯ ᠤᠨ ᠲᠡᠦᠬᠡ ᠶᠢᠨ ᠬᠤᠭ ᠲᠤᠭᠤᠰᠤᠨ ᠳᠤ ᠲᠠᠷᠤᠭᠲᠠᠵᠦ ᠪᠠᠶᠢᠬᠰᠠᠨ ᠮᠤᠩᠭᠤᠯ ᠰᠤᠲᠤᠯᠤᠯ ᠤᠨ ᠲᠦᠪᠡᠳ ᠬᠡᠯᠡᠨ ᠤ ᠰᠤᠷᠪᠤᠯᠵᠢᠰ᠂ ᠦᠶ᠎ᠡ ᠦᠶ᠎ᠡ ᠶᠢᠨ ᠡᠷᠳᠡᠮᠳᠡᠨ ᠰᠤᠲᠤᠯᠭᠠᠲᠠᠳ ᠤᠨ ᠬᠠᠶᠢᠨ ᠴᠤᠭᠯᠠᠭᠤᠯᠬᠤ᠂ ᠡᠮᠬᠢᠳᠭᠡᠨ ᠲᠦᠷᠦᠯᠵᠢᠬᠦᠯᠬᠦ᠂ ᠰᠢᠨᠵᠢᠯᠡᠨ ᠰᠤᠲᠤᠯᠬᠤ᠂ ᠲᠤᠭᠠᠴᠢᠯᠠᠭᠤᠯᠤᠨ ᠬᠦᠮᠦᠷᠭᠡᠯᠡᠬᠦ ᠪᠠᠷ ᠲᠠᠮᠵᠢᠨ᠂ ᠰᠤᠲᠤᠯᠭᠠᠨ ᠤ ᠲᠤᠰᠬᠠᠢ ᠪᠠᠶᠢᠭᠤᠯᠤᠮᠵᠢ ᠲᠠᠢ᠂ ᠰᠢᠨᠵᠢᠯᠡᠬᠡᠨ ᠤ ᠲᠤᠰᠬᠠᠢ ᠡᠩᠨᠡᠭᠡ ᠲᠠᠢ᠂ ᠰᠢᠨ᠎ᠡ ᠮᠡᠷᠭᠡᠵᠢᠯ ᠤᠨ ᠲᠡᠮᠵᠢᠯᠬᠡ ᠲᠠᠢ ᠪᠤᠯᠵᠦ᠂ ᠭᠡᠷᠡᠯ ᠰᠠᠴᠤᠷᠠᠩᠭᠤᠢ ᠦᠩᠭᠡ ᠬᠢᠯᠪᠠᠭ᠎ᠠ ᠪᠠᠨ ᠤᠯᠠᠮ ᠢᠶᠠᠷ ᠰᠠᠴᠤᠷᠠᠭᠤᠯᠵᠦ ᠪᠤᠢ ᠁
 
ᠢᠷᠡᠯᠲᠡ᠄ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号