ᠵᠤᠨ ᠤ ᠵᠢᠷᠭᠤᠭᠠᠨ ᠰᠠᠷ᠎ᠠ ᠶᠢᠨ ᠦᠳᠡ ᠶᠢᠨ ᠨᠠᠷᠠᠨ ᠬᠤᠳᠠ ᠶᠢᠨ ᠬᠠᠷ᠎ᠠ ᠵᠠᠮ ᠢ ᠰᠢᠷᠠᠵᠤ᠂ ᠵᠠᠮ ᠢᠶᠠᠷ ᠳᠠᠪᠬᠢᠬᠤ | ᠮᠠᠰᠢᠨ ᠲᠡᠷᠭᠡ ᠭᠠᠵᠠᠷ ᠠᠴᠠ ᠳᠡᠭᠳᠡᠬᠦ ᠬᠠᠯᠠᠭᠤᠨ ᠠᠭᠤᠷ ᠲᠤ ᠵᠡᠷᠬᠡᠯᠬᠡᠨ ᠰᠢᠭ ᠵᠢᠷᠢᠯᠵᠡᠨ ᠬᠠᠷᠠᠬᠳᠠᠵᠤ᠂ ᠵᠠᠮ ᠤᠨ | ᠬᠠᠵᠠᠭᠤ ᠶᠢᠨ ᠮᠤᠳᠤᠨ ᠤ ᠰᠡᠭᠦᠳᠡᠷ ᠭᠤᠤᠯ ᠦᠳᠡ ᠶᠢᠨ ᠨᠠᠷᠠᠨ ᠳᠤ ᠵᠢᠵᠢᠭᠷᠡᠨ ᠶᠠᠪᠠᠭᠠᠨ ᠬᠦᠮᠦᠰ ᠲᠤ ᠰᠡᠷᠢᠭᠦᠨ | ᠠᠮᠢᠰᠬᠤᠯ ᠦᠭᠴᠦ ᠡᠰᠡ ᠴᠢᠳᠠᠨ ᠨᠤᠵᠤᠭᠤᠷᠠᠨ᠎ᠠ᠃ ᠠᠵᠢᠯ ᠠᠴᠠ ᠪᠠᠨ ᠪᠠᠭᠤᠭᠰᠠᠨ ᠪᠢ ︽ᠵᠤᠯ ᠲᠠᠢ ᠡᠳᠦᠷᠵᠢᠨ | ᠨᠠᠷᠠᠨ ᠳᠤ ᠭᠠᠷᠬᠤ ᠦᠭᠡᠢ᠂ ᠡᠨᠡᠬᠦᠬᠡᠨ ᠬᠤᠭᠤᠷᠤᠨᠳᠤ ᠬᠦᠯᠦ᠋ᠰᠦ ᠭᠠᠷᠴᠢᠬᠠᠵᠠᠢ︾ ᠭᠡᠵᠤ ᠪᠤᠳᠤᠯ ᠪᠤᠯᠤᠨ ᠭᠡᠷ | ᠵᠦᠭ ᠢᠶᠠᠨ ᠬᠦᠯᠦ᠋ᠰᠦ ᠪᠠᠨ ᠠᠷᠴᠢᠨ ᠠᠷᠴᠢᠨ ᠶᠠᠪᠤᠪᠠ᠃ | ᠪᠤᠳᠤᠯ ᠳᠤ ᠠᠪᠤ ᠮᠢᠨᠢ ᠡᠷᠭᠡ ᠦᠭᠡᠢ ᠲᠤᠳᠤᠷᠠᠬᠤ ᠨᠢ᠃ ᠵᠢᠯ ᠤᠨ ᠲᠦᠷᠪᠡᠨ ᠤᠯᠠᠷᠢᠯ ᠢᠶᠠᠷ ᠬᠦᠳᠡᠭᠡ ᠬᠡᠭᠡᠷ᠎ᠡ | ᠬᠠᠯᠠᠭᠤᠨ ᠨᠠᠷᠠ᠂ ᠬᠦᠢᠳᠡᠨ ᠪᠤᠷᠤᠭ᠎ᠠ᠂ ᠲᠤᠭᠰᠢᠨ ᠰᠠᠯᠬᠢ᠂ ᠰᠢᠷᠦᠭᠦᠨ ᠮᠦᠨᠳᠦᠷ ᠁ ᠤᠨ ᠠᠯᠢ ᠠᠯᠢᠨ ᠢ ᠨᠢ | ᠠᠮᠰᠠᠵᠦ ᠶᠠᠪᠤᠭ᠎ᠠ ᠰᠢᠦ ᠠᠪᠤ ᠮᠢᠨᠢ᠃ ᠠᠪᠤ ᠤᠳᠤ ᠯᠠ ᠪᠠᠷᠤᠭ ᠮᠠᠯ ᠠᠴᠠ ᠪᠠᠨ ᠬᠠᠷᠢᠵᠤ ᠢᠷᠡᠵᠤ ᠪᠠᠶᠢᠭ᠎ᠠ ᠪᠠᠶᠢᠬ᠎ᠠ᠃ | ᠪᠠᠰᠠ ᠭᠡᠷ ᠤᠨ ᠭᠠᠳᠠᠨ᠎ᠠ ᠪᠤᠳᠠᠭ᠎ᠠ ᠪᠠᠨ ᠴᠢᠨᠠᠵᠤ ᠪᠠᠶᠢᠭ᠎ᠠ ᠪᠤᠯ ᠦᠦ︖ ᠭᠠᠳᠠᠨᠠᠬᠢ ᠵᠤᠤᠬᠠᠨ ᠳᠠᠭᠠᠨ ᠰᠠᠷᠠᠪᠴᠢ | ᠪᠤᠰᠬᠠᠬᠰᠠᠨ ᠴᠦ ᠪᠤᠯ ᠦᠦ︖ ᠦᠩᠭᠡᠷᠡᠭᠰᠡᠨ ᠬᠤᠶᠠᠷ ᠡᠳᠦᠷ ᠪᠤᠷᠤᠭᠠᠨ ᠤᠷᠤᠯ᠎ᠠ ᠭᠡᠵᠤ ᠶᠠᠷᠢᠵᠤ ᠪᠠᠶᠢᠬᠰᠠᠨ᠂ | ᠮᠦᠬᠦ ᠲᠡᠭᠦᠵᠤ ᠵᠠᠭᠤᠰᠢ ᠬᠢᠭᠰᠡᠨ ᠪᠠᠶᠢᠬ᠎ᠠ᠃ ᠵᠤᠨ ᠤ ᠬᠠᠯᠠᠭᠤᠨ ᠢ ᠲᠤᠭᠤᠬᠤ ᠦᠭᠡᠢ ᠠᠪᠤ ᠮᠢᠨᠢ ᠲᠡᠭᠡᠵᠤ ᠯᠡ | ᠦᠳᠡ ᠶᠢᠨ ᠨᠠᠷᠠ ᠲᠠᠢ ᠤᠷᠤᠯᠳᠤᠨ ᠭᠡᠷ ᠤᠨ ᠭᠠᠳᠠᠨ᠎ᠠ ᠳᠤᠳᠤᠨᠠᠬᠢ ᠠᠵᠢᠯ ᠢ ᠠᠮᠵᠢᠭᠤᠯᠳᠠᠭ ᠳ᠋ᠠ ᠭᠡᠵᠦ ᠪᠤᠳᠤᠭᠠᠳ | ᠦᠪᠡᠷ ᠤᠨ ᠡᠷᠭᠡ ᠦᠭᠡᠢ ᠭᠠᠷ ᠤᠳᠠᠰᠤ ᠪᠠᠨ ᠭᠠᠷᠭᠠᠨ ᠠᠪᠤ ᠳᠠᠭᠠᠨ ᠤᠳᠠᠰᠤᠳᠠᠪᠠ᠃ | — ᠰᠠᠶᠢᠨ ᠪᠠᠶᠢᠨ᠎ᠠ ᠤᠤ︖ ᠠᠪᠤ ᠡ᠂ ᠲᠠᠨ ᠢ ᠰᠠᠨᠠᠴᠢᠬᠠᠯ᠎ᠠ᠃ | — ᠮᠢᠨᠦ ᠭᠡᠦᠭᠡᠨ ᠶᠠᠭᠠᠬᠢᠴᠢᠬᠠᠪᠠ︖ ᠠᠵᠢᠯ ᠴᠢᠨᠢ ᠶᠠᠭᠠᠷᠠᠤ ᠤᠤ︖ ᠪᠦᠪᠡᠢ ᠴᠢᠨᠢ ᠬᠠᠯᠠᠭᠤᠷᠠᠴᠢᠬᠠᠪᠠ ᠤᠤ︖ | ᠭᠡᠳ ᠤᠯᠠᠨ ᠤᠯᠠᠨ ᠠᠰᠠᠭᠤᠯᠳᠠ ᠤᠭᠰᠠᠷᠠᠭᠤᠯᠵᠦ ᠭᠠᠷᠬᠤ ᠨᠢ ᠲᠡᠷᠡ᠃ | ᠰᠤᠷᠭᠠᠭᠤᠯᠢ ᠳᠤ ᠰᠠᠭᠤᠵᠦ ᠪᠠᠶᠢᠭᠰᠠᠨ ᠪᠤᠯ ᠪᠠᠰᠠ ︽ᠮᠢᠨᠦ ᠭᠡᠦᠭᠡᠨ ᠵᠤᠭᠤᠰ ᠴᠢᠨᠢ ᠲᠤᠳᠠᠴᠢᠬᠠᠪᠠ ᠤᠤ︖︾ | ᠭᠡᠬᠦ ᠠᠰᠠᠭᠤᠯᠳᠠ ᠪᠤᠢ ᠰᠢᠦ ᠭᠡᠵᠦ ᠰᠠᠨᠠᠭᠠᠳ ᠪᠢ ᠬᠠᠷᠢᠨ ᠢᠨᠢᠶᠡᠳᠤ ᠬᠦᠷᠴᠢᠬᠡᠪᠡ᠃ | — ᠶᠠᠭᠠᠬᠢᠭ᠎ᠠ ᠴᠦ ᠦᠭᠡᠢ᠂ ᠪᠢᠳᠠ ᠪᠦᠷ ᠰᠠᠶᠢᠬᠠᠨ ᠪᠠᠶᠢᠨ᠎ᠠ᠃ ᠡᠨᠡ ᠬᠠᠯᠠᠭᠤᠨ ᠳᠤ ᠲᠠᠨ ᠢ ᠶᠠᠭᠠᠬᠢᠵᠦ | ᠪᠠᠶᠢᠬᠤ ᠪᠤᠯ ᠭᠡᠵᠦ ᠪᠤᠳᠤᠭᠠᠳ ᠤᠳᠠᠰᠤᠳᠠᠯᠠ᠃ | — ᠶᠠᠭᠤ ᠶᠠᠭᠠᠬᠢᠬᠤ ᠪᠤᠢ᠂ ᠭᠡᠳᠦᠨ ᠮᠠᠯ ᠢᠶᠠᠨ ᠲᠡᠵᠢᠭᠡᠵᠦ ᠤᠰᠤᠯᠠᠭᠠᠳ ᠯᠡ ᠶᠠᠭᠠᠷᠠᠭ᠎ᠠ᠃ ᠲᠠ ᠨᠠᠷ ᠪᠦᠷ | ᠰᠠᠶᠢᠬᠠᠨ ᠪᠠᠶᠢᠪᠠᠯ ᠪᠤᠯᠴᠢᠬᠠᠨ᠎ᠠ ᠭᠡᠵᠦ ᠶᠠᠷᠢᠭᠠᠳ ︽ᠰᠠᠶᠢᠬᠠᠨ ᠪᠠᠶᠢᠨ᠎ᠠ︾ ᠭᠡᠬᠦ ᠦᠭᠡ ᠶᠢ ᠰᠤᠨᠤᠰᠤᠭᠠᠳ ᠰᠡᠳᠭᠢᠯ | ᠠᠮᠠᠷᠠᠭᠰᠠᠨ ᠪᠤᠯᠤᠯᠳᠠᠢ ᠢᠯᠡᠬᠦᠦ ᠬᠡᠳᠦᠨ ᠦᠭᠡ ᠴᠦ ᠶᠠᠷᠢᠯ ᠦᠭᠡᠢ ᠤᠳᠠᠰᠤ ᠪᠠᠨ ᠲᠠᠰᠤᠯᠴᠢᠬᠠᠯᠠ᠃ | ᠮᠠᠨ ᠤ ᠬᠢᠨ ᠶᠠᠳᠠᠭᠤᠬᠠᠨ ᠭᠠᠵᠠᠷ ᠤᠨ ᠵᠦᠳᠡᠭᠦᠬᠡᠨ ᠠᠶᠢᠯ ᠪᠠᠶᠢᠬᠰᠠᠨ ᠶᠤᠮ᠃ ᠪᠠᠭ᠎ᠠ ᠰᠤᠷᠭᠠᠭᠤᠯᠢ ᠶᠢᠨ ᠨᠢᠭᠡ | ᠠᠩᠬᠢ ᠶᠢᠨ ᠲᠤᠯᠤᠭᠠᠨ ᠰᠤᠷᠤᠭᠴᠢ ᠠᠴᠠ ᠪᠠᠨ ᠭᠠᠭᠴᠠ ᠪᠢ ᠯᠠ ᠶᠡᠭᠡ ᠰᠤᠷᠭᠠᠭᠤᠯᠢ ᠲᠡᠭᠦᠰᠦᠭᠰᠡᠨ ᠶᠤᠮ᠃ | ᠠᠶᠢᠯ ᠤᠨ ᠠᠪᠠᠭ᠎ᠠ᠄ ︽ᠬᠡᠦᠬᠡᠨ ᠬᠦᠮᠦᠨ ᠪᠢᠴᠢᠭ ᠦᠵᠡᠭᠡᠳ ᠶᠠᠮᠠᠷ ᠬᠡᠷᠡᠭ ᠪᠠᠶᠢᠬᠤ ᠪᠤᠢ︖ ᠡᠷᠳᠡ ᠭᠠᠷᠭᠠᠵᠤ | ᠠᠪᠤᠭᠠᠳ ᠡᠪᠳᠡᠢ ᠬᠦᠷᠭᠡᠨ ᠳᠤ ᠦᠭᠴᠢᠬᠡᠪᠡᠯ ᠳᠡᠭᠡᠷ᠎ᠡ ᠦᠭᠡᠢ ᠦᠦ︖︾ ᠭᠡᠵᠤ ᠯᠡ ᠠᠪᠤ ᠳᠤ ᠠᠷᠭ᠎ᠠ | ᠵᠢᠭᠠᠬᠤ ᠶᠢᠨ ᠤᠬᠠᠭᠠᠨ ᠲᠠᠢ ᠦᠭᠡ ᠶᠠᠷᠢᠬᠤ ᠳᠤ ᠠᠪᠤ ᠲᠤᠭᠤᠬᠰᠠᠨ ᠦᠭᠡᠢ᠂ ᠶᠠᠭᠤ ᠴᠦ ᠶᠠᠷᠢᠬᠰᠠᠨ ᠦᠭᠡᠢ | ᠦᠩᠭᠡᠷᠡᠭᠰᠡᠨ ᠭᠡᠳᠡᠭ᠃ ᠪᠠᠭ᠎ᠠ ᠰᠤᠷᠭᠠᠭᠤᠯᠢ ᠴᠦ ᠲᠡᠭᠦᠰᠦᠭᠡ ᠦᠭᠡᠢ ᠠᠪᠤ ᠮᠢᠨᠢ ᠲᠡᠭᠡᠵᠤ ᠯᠠ ᠬᠤᠶᠠᠷ | ᠬᠡᠦᠬᠡᠳ ᠢᠶᠠᠨ ᠶᠡᠭᠡ ᠰᠤᠷᠭᠠᠭᠤᠯᠢ ᠲᠡᠭᠦᠰᠭᠡᠵᠤ᠂ ᠭᠠᠴᠠᠭᠠᠨ ᠤ ᠪᠠᠨ ᠲᠤᠭ᠎ᠠ ᠲᠠᠢ ᠬᠡᠳᠦᠨ ᠤᠶᠤᠳᠠᠨ ᠤ | ᠬᠤᠶᠠᠷ ᠢ ᠨᠢ ᠬᠦᠮᠦᠵᠢᠭᠦᠯᠦ᠋ᠭᠰᠡᠨ ᠶᠤᠮ᠃ | ᠠᠮᠢᠳᠤᠷᠠᠯ ᠶᠠᠳᠠᠭᠤ ᠪᠠᠶᠢᠭᠰᠠᠨ ᠴᠦ ᠮᠠᠨ ᠤ ᠬᠢᠨ ᠠᠶᠢᠯ ᠠᠶᠢᠯ ᠠᠴᠠ ᠢᠯᠡᠭᠦᠦ ᠨᠤᠮ ᠲᠠᠢ ᠪᠠᠶᠢᠬᠰᠠᠨ ᠨᠢ | ᠠᠪᠤ ᠶᠢᠨ ᠮᠢᠨᠢ ᠠᠴᠢ ᠭᠠᠪᠢᠶ᠎ᠠ ᠪᠠᠶᠢᠪᠠ᠃ ᠨᠠᠮᠠᠢᠶ ᠦᠰᠦᠭ ᠳᠠᠨᠢᠬᠤ ᠠᠴᠠ ᠡᠮᠦᠨ᠎ᠡ ᠨᠤᠮ ᠲᠠᠢ ᠤᠶᠢᠷᠠᠳᠤᠭᠤᠯᠵᠤ᠂ | ᠦᠯᠢᠭᠡᠷ ᠤᠨ ᠳᠠᠯᠠᠢ ᠵᠦᠭ ᠬᠦᠳᠦᠯᠦ᠋ᠭᠰᠡᠨ ᠳ᠋ᠠᠭ᠃ ᠠᠪᠤ ᠶᠢᠨ ᠨᠤᠮ ᠬᠠᠳᠠᠭᠠᠯᠠᠬᠤ ᠤᠯᠠᠭᠠᠨ ᠠᠪᠳᠠᠷ᠎ᠠ ᠨᠢ | ᠠᠭᠤᠳᠠᠯᠵᠤ ᠪᠤᠯᠬᠤ ᠦᠭᠡᠢ ︽ᠬᠤᠷᠢᠭᠠᠳᠤ ᠤᠷᠤᠨ︾ ᠪᠤᠯᠪᠠᠴᠤ ᠳᠡᠭᠦᠦ ᠪᠢᠳᠡ ᠬᠤᠶᠠᠷ ᠦᠷᠭᠦᠯᠵᠢ ᠨᠢᠭᠤᠨ | ᠠᠭᠤᠳᠠᠯᠳᠠᠭ ︽ᠡᠷᠳᠡᠨᠢ︾ ᠶᠢᠨ ᠠᠪᠳᠠᠷ᠎ᠠ ᠪᠠᠶᠢᠯ᠎ᠠ᠃ ︽ᠮᠤᠩᠭᠤᠯ ᠦᠯᠢᠭᠡᠷ ᠤᠨ ᠴᠢᠭᠤᠯᠭᠠᠨ︾᠂ ︽ᠠᠯᠮᠠᠰ ᠤᠨ | ᠳᠠᠭᠤᠤ︾᠂ ︽ᠤᠳᠠᠨ ᠤ ᠨᠤᠭᠤᠭᠠᠨ ᠨᠠᠪᠴᠢ︾᠂ ︽ᠤᠯᠠᠭᠠᠨ᠎ᠠ ᠤᠬᠢᠯᠠᠬᠤ ᠲᠢᠩᠬᠢᠮ︾᠂ ︽ᠱᠦᠢ ᠬᠤ᠋ ᠶᠢᠨ | ᠦᠯᠢᠬᠡᠷ︾᠂ ︽ᠮᠤᠷᠢ ᠤᠨᠤᠬᠰᠠᠨ ᠲᠤᠯᠤᠭᠠᠢ ᠦᠭᠡᠢ ᠬᠦᠮᠦᠨ︾ ᠵᠡᠷᠭᠡ ᠤᠯᠤᠰ ᠤᠨ ᠳᠤᠳᠤᠭᠠᠳᠤ | ᠭᠠᠳᠠᠭᠠᠳᠤ ᠶᠢᠨ ᠤᠯᠠᠨ ᠰᠠᠶᠢᠬᠠᠨ ᠨᠤᠮ ᠤᠳ ᠲᠡᠷᠡ ᠠᠪᠳᠠᠷ᠎ᠠ ᠳᠤ ᠪᠠᠶᠢᠳᠠᠭ᠃ ᠠᠪᠤ ᠶᠢᠨ ᠬᠠᠶᠢᠷᠠᠳᠠᠢ ᠨᠤᠮ ᠢ | ᠬᠤᠯᠠᠭᠠᠶᠢᠯᠠᠵᠤ ᠦᠵᠡᠭᠡᠳ ᠤᠷᠠᠵᠤ᠂ ᠡᠷᠢᠶᠡᠴᠢᠭᠡᠳ ᠵᠤᠳᠤᠭᠤᠯᠵᠤ ᠴᠤᠬᠢᠭᠤᠯᠵᠤ ᠨᠢᠰᠤ ᠨᠢᠯᠪᠤᠰᠤ ᠪᠠᠨ ᠴᠢᠷᠤᠨ | ᠳᠤᠳᠠᠭᠠᠳᠠᠭ ᠴᠦ ᠬᠤᠵᠢᠮ ᠨᠢ ᠭᠠᠮᠳᠠᠢ ᠰᠠᠶᠢᠬᠠᠨ ᠦᠵᠡᠳᠡᠭ ᠪᠤᠯᠤᠬᠰᠠᠨ ᠠᠴᠠ ᠠᠪᠤ ᠠᠭᠤᠳᠠᠯᠵᠤ ᠪᠤᠯᠬᠤ ᠦᠭᠡᠢ ︽ | ᠬᠤᠷᠢᠭᠠᠳᠤ ᠤᠷᠤᠨ︾ ᠢᠶᠠᠨ ᠴᠢᠯᠦ᠋ᠭᠡᠯᠡᠵᠦ᠂ ᠪᠢ ᠡᠪᠦᠯ ᠵᠤᠨ ᠤ ᠠᠮᠠᠷᠠᠯᠳᠠ ᠳᠤ ᠨᠤᠮ ᠤᠨ ᠬᠠᠨᠢ ᠲᠠᠢ ᠪᠤᠯᠤᠬᠰᠠᠨ | ᠶᠤᠮ᠃ |