ᠬᠤᠰᠢᠭᠤᠨ ᠤ ᠰᠤᠷᠭᠠᠨ ᠬᠦᠮᠤᠵᠢᠯ ᠤᠨ ᠲᠤᠪᠴᠢᠶ᠎ᠠ
ᠨᠡᠶᠢᠲᠡᠯᠡᠭᠰᠡᠨ ᠴᠠᠭ᠄
2022/4/23
ᠭᠤᠤᠯ ᠡᠭᠦᠷᠭᠡ ᠬᠠᠷᠢᠭᠤᠴᠠᠯᠭ᠎ᠠ ︵ᠨᠢᠭᠡ︶ ᠨᠠᠮ ᠪᠠ ᠤᠯᠤᠰ ᠤᠨ ᠰᠤᠷᠭᠠᠨ ᠬᠥᠮᠦᠵᠢᠯ ᠤᠨ ᠠᠵᠢᠯ ᠤᠨ ᠴᠢᠭᠯᠡᠯᠲᠡ᠂ ᠲᠦᠷᠦ ᠶᠢᠨ ᠪᠤᠳᠦᠯᠭ᠎ᠠ ᠪᠠ ᠬᠠᠤᠯᠢ ᠴᠠᠭᠠᠵᠠ᠂ ᠬᠠᠤᠯᠢ ᠲᠣᠭᠲᠠᠭᠠᠯ ᠢ ᠲᠤᠭᠤᠰᠢᠯᠠᠭᠤᠯᠤᠨ ᠬᠡᠷᠡᠭᠵᠢᠭᠦᠯᠵᠦ᠂ ᠰᠤᠷᠭᠠᠨ ᠬᠥᠮᠦᠵᠢᠯ ᠤᠨ ᠥᠭᠡᠷᠡᠴᠢᠯᠡᠯᠲᠡ ᠬᠢᠭᠡᠳ ᠬᠥᠭᠵᠢᠯᠲᠡ ᠶᠢᠨ ᠪᠠᠶᠢᠯᠳᠤᠬᠤ ᠪᠤᠳᠦᠯᠭ᠎ᠠ ᠪᠠ ᠰᠤᠷᠭᠠᠨ ᠬᠥᠮᠦᠵᠢᠯ ᠤᠨ ᠦᠢᠯᠡᠰ ᠤᠨ ᠬᠥᠭᠵᠢᠯᠲᠡ ᠶᠢᠨ ᠲᠥᠯᠥᠪᠵᠢᠭᠦᠯᠭᠡ ᠶᠢ ᠨᠠᠶᠢᠳᠠᠪᠤᠷᠢᠵᠢᠭᠤᠯᠬᠤ ᠶᠢᠨ ᠬᠠᠮᠲᠤ ᠵᠣᠬᠢᠶᠠᠨ ᠪᠠᠶᠢᠭᠤᠯᠵᠤ ᠬᠢᠨᠠᠯᠲᠠ ᠲᠠᠯᠪᠢᠵᠤ ᠬᠡᠷᠡᠭᠵᠢᠭᠦᠯᠦᠨ᠎ᠡ᠃ ︵ᠬᠤᠶᠠᠷ︶ ᠪᠥᠬᠦ ᠬᠤᠰᠢᠭᠤᠨ ᠤ ᠡᠯ᠎ᠡ ᠱᠠᠲᠤᠨ ᠤ ᠡᠯ᠎ᠡ ᠲᠥᠷᠥᠯ ᠤᠨ ᠰᠤᠷᠭᠠᠨ ᠬᠥᠮᠦᠵᠢᠯ ᠢ ᠨᠢᠭᠡᠳᠦᠯᠲᠡᠶ ᠲᠥᠯᠥᠪᠵᠢᠭᠦᠯᠬᠦ ᠪᠠ ᠵᠣᠬᠢᠴᠠᠭᠤᠯᠤᠨ ᠬᠠᠮᠢᠶᠠᠷᠬᠤ ᠶᠢ ᠬᠠᠷᠢᠭᠤᠴᠠᠵᠤ᠂ ᠪᠥᠬᠦ ᠬᠤᠰᠢᠭᠤᠨ ᠤ ᠳᠤᠮᠳᠠ ᠵᠡᠷᠭᠡ ᠵᠢᠴᠢ ᠲᠡᠭᠦᠨ ᠠᠴᠠ ᠳᠣᠷᠣᠭᠰᠢᠬᠢ ᠡᠯ᠎ᠡ ᠱᠠᠲᠤᠨ ᠤ ᠡᠯ᠎ᠡ ᠲᠥᠷᠥᠯ ᠤᠨ ᠰᠤᠷᠭᠠᠭᠤᠯᠢ ᠶᠢᠨ ᠰᠤᠷᠭᠠᠨ ᠬᠥᠮᠦᠵᠢᠯ ᠤᠨ ᠵᠢᠭᠠᠨ ᠰᠤᠷᠭᠠᠯᠲᠠ ᠶᠢᠨ ᠥᠭᠡᠷᠡᠴᠢᠯᠡᠯᠲᠡ ᠶᠢ ᠵᠢᠯᠣᠭᠤᠳᠤᠨ᠎ᠠ᠃ ᠰᠤᠷᠭᠠᠨ ᠬᠥᠮᠦᠵᠢᠯ ᠤᠨ ᠦᠨᠳᠦᠰᠦᠨ ᠰᠤᠷᠠᠭ ᠵᠠᠩᠭᠢ ᠶᠢ ᠪᠦᠷᠢᠳᠬᠡᠬᠦ᠂ ᠵᠠᠳᠠᠯᠬᠤ ᠪᠠ ᠨᠡᠶᠢᠲᠡᠯᠡᠬᠦ ᠶᠢ ᠬᠠᠷᠢᠭᠤᠴᠠᠨ᠎ᠠ᠃ ︵ᠭᠤᠷᠪᠠ︶ ᠪᠥᠬᠦ ᠬᠤᠰᠢᠭᠤᠨ ᠤ ᠪᠠᠭᠰᠢ ᠶᠢᠨ ᠡᠩᠨᠡᠭᠡ ᠶᠢᠨ ᠪᠠᠶᠢᠭᠤᠯᠤᠯᠲᠠ ᠶᠢᠨ ᠠᠵᠢᠯ ᠢ ᠬᠠᠷᠢᠭᠤᠴᠠᠵᠤ᠂ ᠡᠯ᠎ᠡ ᠱᠠᠲᠤᠨ ᠤ ᠡᠯ᠎ᠡ ᠲᠥᠷᠥᠯ ᠤᠨ ᠰᠤᠷᠭᠠᠭᠤᠯᠢ ᠶᠢᠨ ᠪᠠᠭᠰᠢ᠂ ᠳᠤᠮᠳᠠᠳᠤ ᠪᠠᠭ᠎ᠠ ᠰᠤᠷᠭᠠᠭᠤᠯᠢ ᠶᠢᠨ ᠵᠠᠬᠢᠷᠤᠯ ᠪᠠ ᠰᠤᠷᠭᠠᠨ ᠬᠥᠮᠦᠵᠢᠯ ᠤᠨ ᠵᠠᠰᠠᠭ ᠵᠠᠬᠢᠷᠭᠠᠨ ᠤ ᠺᠠᠳ᠋ᠷ ᠤᠨ ᠡᠩᠨᠡᠭᠡ ᠶᠢᠨ ᠪᠠᠶᠢᠭᠤᠯᠤᠯᠲᠠ ᠶᠢᠨ ᠠᠵᠢᠯ ᠢ ᠵᠢᠯᠣᠭᠤᠳᠤᠨ᠎ᠠ ︔ ᠪᠠᠭᠰᠢ ᠶᠢᠨ ᠦᠷᠭᠦᠯᠵᠢᠯᠡᠭᠰᠡᠨ ᠰᠤᠷᠭᠠᠨ ᠬᠥᠮᠦᠵᠢᠯ ᠤᠨ ᠠᠵᠢᠯ ᠢ ᠵᠣᠬᠢᠶᠠᠨ ᠪᠠᠶᠢᠭᠤᠯᠤᠨ ᠥᠷᠨᠢᠭᠦᠯᠦᠨ᠎ᠡ︔ ᠬᠠᠮᠢᠶ᠎ᠠ ᠪᠥᠬᠦᠶ ᠰᠠᠯᠠᠭ᠎ᠠ ᠮᠥᠴᠢᠷ ᠲᠠᠢ ᠬᠠᠮᠲᠤᠷᠠᠨ ᠡᠯ᠎ᠡ ᠱᠠᠲᠤᠨ ᠤ ᠡᠯ᠎ᠡ ᠲᠥᠷᠥᠯ ᠤᠨ ᠰᠤᠷᠭᠠᠭᠤᠯᠢ ᠶᠢᠨ ᠣᠷᠣᠨ ᠲᠤᠭ᠎ᠠ ᠳᠣᠭᠢᠷᠠᠭᠤᠯᠤᠭᠰᠠᠨ ᠪᠠᠶᠢᠳᠠᠯ ᠢ ᠬᠢᠨᠠᠨ ᠰᠢᠯᠭᠠᠨ᠎ᠠ᠃ ᠪᠠᠭᠰᠢ ᠶᠢᠨ ᠪᠣᠯᠪᠠᠰᠤᠷᠠᠭᠤᠯᠤᠯ ᠤᠨ ᠪᠠᠶᠢᠭᠤᠯᠤᠮᠵᠢ ᠶᠢᠨ ᠪᠠᠶᠢᠭᠤᠯᠤᠯᠲᠠ ᠶᠢᠨ ᠠᠵᠢᠯ ᠢ ᠵᠢᠯᠣᠭᠤᠳᠤᠨ ᠪᠠᠶᠢᠴᠠᠭᠠᠨ᠎ᠠ᠃ ︵ᠲᠦᠷᠪᠡ︶ ᠤᠯᠤᠰ ᠤᠨ ᠦᠭᠡ ᠬᠡᠯᠡ ᠤᠢᠰᠦᠭ ᠪᠢᠴᠢᠭ ᠤᠨ ᠠᠵᠢᠯ ᠤᠨ ᠴᠢᠭᠯᠡᠯᠲᠡ᠂ ᠲᠦᠷᠦ ᠶᠢᠨ ᠪᠤᠳᠦᠯᠭ᠎ᠠ ᠶᠢ ᠤᠬᠠᠭᠤᠯᠤᠨ ᠲᠤᠭᠤᠰᠢᠯᠠᠭᠤᠯᠵᠤ ᠨᠠᠶᠢᠳᠠᠪᠤᠷᠢᠵᠢᠭᠤᠯᠤᠨ᠎ᠠ︔ ᠤᠯᠤᠰ᠂ ᠥᠪᠡᠷᠲᠡᠭᠡᠨ ᠵᠠᠰᠠᠬᠤ ᠣᠷᠣᠨ ᠤ ᠨᠡᠶᠢᠳᠡᠮ ᠬᠡᠷᠡᠭᠯᠡᠬᠦ ᠦᠭᠡ ᠬᠡᠯᠡ ᠦᠰᠦᠭ ᠪᠢᠴᠢᠭ ᠤᠨ ᠲᠤᠮᠳᠠ ᠤᠷᠲᠤ ᠬᠤᠭᠤᠴᠠᠭᠠᠨ ᠤ ᠲᠥᠯᠥᠪᠵᠢᠭᠦᠯᠭᠡ ᠶᠢ ᠨᠠᠶᠢᠳᠠᠪᠤᠷᠢᠵᠢᠭᠤᠯᠵᠤ᠂ ᠰᠠᠯᠠᠭ᠎ᠠ ᠮᠥᠴᠢᠷ᠂ ᠠᠵᠢᠯ ᠲᠦᠷᠦᠯ ᠤᠨ ᠬᠢᠲᠠᠳ ᠦᠭᠡ ᠬᠡᠯᠡ ᠦᠰᠦᠭ ᠪᠢᠴᠢᠭ ᠤᠨ ᠠᠵᠢᠯ ᠢ ᠵᠣᠬᠢᠴᠠᠭᠤᠯᠤᠨ ᠵᠢᠯᠣᠭᠤᠳᠬᠤ ᠪᠠ ᠬᠢᠨᠠᠯᠲᠠ ᠲᠠᠯᠪᠢᠵᠤ ᠪᠠᠶᠢᠴᠠᠭᠠᠨ᠎ᠠ︔ ᠨᠡᠶᠢᠲᠡᠯᠢᠭ ᠬᠡᠯᠡ ᠶᠢ ᠲᠦᠭᠡᠮᠡᠯᠵᠢᠭᠦᠯᠬᠦ ᠪᠠ ᠲᠦᠷᠢᠮᠵᠢᠬᠦᠯᠬᠦ ᠪᠠᠶᠢᠭᠤᠯᠤᠯᠲᠠ ᠶᠢᠨ ᠠᠵᠢᠯ ᠢ ᠵᠢᠯᠣᠭᠤᠳᠤᠨ᠎ᠠ᠃ ︵ᠲᠠᠪᠤ︶ ᠲᠤᠰ ᠰᠠᠯᠠᠭ᠎ᠠ ᠮᠥᠴᠢᠷ ᠤᠨ ᠢᠶᠠᠨ ᠰᠤᠷᠭᠠᠨ ᠬᠥᠮᠦᠵᠢᠯ ᠤᠨ ᠵᠠᠷᠤᠳᠠᠯ ᠢ ᠨᠢᠭᠡᠳᠦᠯᠲᠡᠶ ᠲᠥᠯᠥᠪᠯᠡᠨ ᠬᠠᠮᠢᠶᠠᠷᠬᠤ ᠠᠵᠢᠯ ᠢ ᠬᠠᠷᠢᠭᠤᠴᠠᠵᠤ᠂ ᠰᠤᠷᠭᠠᠨ ᠬᠥᠮᠦᠵᠢᠯ ᠤᠨ ᠵᠠᠷᠤᠳᠠᠯ ᠢ ᠴᠤᠭᠯᠠᠭᠤᠯᠬᠤ᠂ ᠰᠤᠷᠭᠠᠨ ᠬᠥᠮᠦᠵᠢᠯ ᠤᠨ ᠵᠣᠭᠤᠰ ᠭᠠᠷᠭᠠᠵᠤ ᠠᠪᠬᠤ᠂ ᠰᠤᠷᠭᠠᠨ ᠬᠥᠮᠦᠵᠢᠯ ᠤᠨ ᠰᠠᠭᠤᠷᠢ ᠪᠦᠳᠦᠭᠡᠨ ᠪᠠᠶᠢᠭᠤᠯᠤᠯᠲᠠ ᠶᠢᠨ ᠪᠡᠯᠡ ᠣᠷᠣᠭᠤᠯᠤᠯᠲᠠ ᠶᠢᠨ ᠲᠦᠷᠦ ᠶᠢᠨ ᠪᠤᠳᠤᠯᠭ᠎ᠠ ᠳᠤ ᠣᠷᠣᠯᠴᠠᠨ᠎ᠠ︔ ᠰᠤᠷᠭᠠᠨ ᠬᠥᠮᠦᠵᠢᠯ ᠤᠨ ᠵᠠᠷᠤᠳᠠᠯ ᠢ ᠬᠡᠷᠡᠭᠯᠡᠭᠰᠡᠨ ᠪᠠᠶᠢᠳᠠᠯ ᠢ ᠬᠢᠨᠠᠨ ᠰᠢᠯᠭᠠᠨ᠎ᠠ︔ ᠰᠤᠷᠭᠠᠨ ᠬᠥᠮᠦᠵᠢᠯ ᠤᠨ ᠵᠠᠷᠤᠳᠠᠯ ᠤᠨ ᠣᠷᠣᠭᠤᠯᠤᠯᠲᠠ ᠶᠢᠨ ᠪᠠᠶᠢᠳᠠᠯ  ᠢ ᠬᠠᠷᠢᠭᠤᠴᠠᠨ᠎ᠠ︔ ᠪᠥᠬᠦ ᠬᠤᠰᠢᠭᠤᠨ ᠤ ᠰᠤᠷᠭᠠᠨ ᠬᠥᠮᠦᠵᠢᠯ ᠤᠨ ᠰᠢᠰᠲ᠋ᠧᠮ ᠤᠨ ᠳᠣᠲᠣᠭᠠᠳᠤ ᠶᠢᠨ ᠡᠳ᠋ ᠤᠨ ᠶᠠᠪᠤᠳᠠᠯ ᠤᠨ ᠣᠷᠣᠯᠭ᠎ᠠ ᠵᠠᠷᠤᠯᠭ᠎ᠠ ᠶᠢᠨ ᠪᠠᠶᠢᠳᠠᠯ ᠢ ᠬᠢᠨᠠᠨ ᠪᠤᠳᠤᠬᠤ ᠠᠵᠢᠯ ᠢ ᠬᠠᠷᠢᠭᠤᠴᠠᠨ᠎ᠠ᠃ ᠪᠥᠬᠦ ᠬᠤᠰᠢᠭᠤᠨ ᠤ ᠡᠯ᠎ᠡ ᠱᠠᠲᠤᠨ ᠤ ᠡᠯ᠎ᠡ ᠲᠥᠷᠥᠯ ᠤᠨ ᠰᠤᠷᠭᠠᠭᠤᠯᠢ ᠶᠢᠨ ᠰᠤᠷᠤᠭᠴᠢᠳ ᠤᠨ ᠰᠤᠷᠤᠯᠭ᠎ᠠ ᠶᠢᠨ ᠵᠢᠭᠡᠯᠡᠯᠭᠡ ᠶᠢᠨ ᠮᠥᠩᠭᠦ᠂ ᠰᠤᠷᠤᠯᠭ᠎ᠠ ᠶᠢᠨ ᠲᠡᠳᠬᠦᠮᠵᠢ ᠶᠢᠨ ᠮᠥᠩᠭᠦ ᠶᠢ ᠬᠢᠨᠠᠨ ᠬᠠᠷᠭᠤᠭᠤᠯᠵᠤ ᠲᠠᠷᠬᠠᠭᠠᠬᠤ ᠠᠵᠢᠯ  ᠢ ᠵᠤᠬᠢᠶᠠᠨ ᠪᠠᠶᠢᠭᠤᠯᠤᠨ ᠦᠷᠨᠢᠬᠦᠯᠤᠨ᠎ᠠ᠃ ︵ᠵᠢᠷᠭᠤᠭ᠎ᠠ︶ ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠲᠡᠩᠴᠡᠭᠦᠷᠢᠲᠡᠶ ᠪᠥᠭᠡᠳ ᠴᠢᠨᠠᠷ ᠰᠠᠶᠢᠲᠠᠶ ᠬᠥᠭᠵᠢᠯᠲᠡ ᠶᠢ ᠲᠥᠯᠬᠢᠨ ᠠᠬᠢᠭᠤᠯᠬᠤ ᠪᠠ ᠰᠤᠷᠭᠠᠨ ᠬᠥᠮᠦᠵᠢᠯ ᠤᠨ ᠭᠤᠣᠯᠴᠢ ᠪᠠᠶᠢᠬᠤ ᠶᠢ ᠠᠬᠢᠭᠤᠯᠬᠤ ᠶᠢ ᠬᠠᠷᠢᠭᠤᠴᠠᠨ᠎ᠠ᠃ ᠶᠢᠰᠦᠨ ᠵᠢᠯ ᠤᠨ ᠠᠯᠪᠠᠨ ᠵᠢᠷᠤᠮ ᠤᠨ ᠰᠤᠷᠭᠠᠨ ᠬᠥᠮᠦᠵᠢᠯ ᠢ ᠦᠨᠳᠤᠷ ᠬᠢᠷᠢ ᠲᠦᠪᠰᠢᠨ ᠲᠠᠢ ᠴᠢᠨᠠᠷ ᠰᠠᠶᠢᠲᠠᠶ ᠲᠦᠭᠡᠮᠡᠯᠵᠢᠭᠦᠯᠬᠦ ᠠᠵᠢᠯ ᠢ ᠵᠣᠬᠢᠶᠠᠨ ᠪᠠᠶᠢᠭᠤᠯᠤᠨ ᠬᠡᠷᠡᠭᠵᠢᠭᠦᠯᠵᠦ᠂ ᠡ᠊ᠩ ᠤᠨ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠰᠤᠷᠭᠠᠨ ᠬᠥᠮᠦᠵᠢᠯ᠂ ᠦᠨᠳᠦᠰᠦᠲᠡᠨ ᠤ ᠰᠠᠭᠤᠷᠢ ᠰᠤᠷᠭᠠᠨ ᠬᠥᠮᠦᠵᠢᠯ ᠪᠠ ᠠᠷᠠᠳ ᠠᠴᠠ ᠡᠷᠬᠢᠯᠡᠭᠰᠡᠨ ᠰᠠᠭᠤᠷᠢ ᠰᠤᠷᠭᠠᠨ ᠬᠥᠮᠦᠵᠢᠯ᠂ ᠣᠨᠴᠠᠭᠠᠶ ᠰᠤᠷᠭᠠᠨ ᠬᠥᠮᠦᠵᠢᠯ ᠤᠨ ᠠᠵᠢᠯ ᠢ ᠵᠢᠯᠣᠭᠤᠳᠤᠨ᠎ᠠ᠃ ᠳᠤᠮᠳᠠᠳᠤ ᠪᠠᠭ᠎ᠠ ᠰᠤᠷᠭᠠᠭᠤᠯᠢ ᠶᠢᠨ ᠭᠠᠳᠠᠨᠠᠬᠢ ᠰᠤᠷᠭᠠᠨ ᠬᠥᠮᠦᠵᠢᠯ ᠤᠨ ᠪᠠᠶᠢᠭᠤᠯᠤᠮᠵᠢ ᠶᠢᠨ ᠠᠵᠢᠯ ᠢ ᠵᠢᠯᠣᠭᠤᠳᠴᠤ᠂ ᠬᠡᠪ ᠴᠢᠨᠠᠷ ᠤᠨ ᠰᠤᠷᠭᠠᠨ ᠬᠥᠮᠦᠵᠢᠯ ᠢ ᠪᠦᠬᠦ ᠲᠠᠯ᠎ᠠ ᠪᠠᠷ ᠬᠡᠷᠡᠭᠵᠢᠬᠦᠯᠤᠨ᠎ᠠ᠃ ︵ᠳᠣᠯᠤᠭ᠎ᠠ︶ ᠪᠥᠬᠦ ᠬᠤᠰᠢᠭᠤᠨ ᠤ ᠡᠯ᠎ᠡ ᠱᠠᠲᠤᠨ ᠤ ᠡᠯ᠎ᠡ ᠲᠥᠷᠥᠯ ᠤᠨ ᠰᠤᠷᠭᠠᠭᠤᠯᠢ ᠶᠢᠨ ᠰᠤᠷᠭᠠᠨ ᠬᠥᠮᠦᠵᠢᠯ ᠤᠨ ᠰᠢᠨᠵᠢᠯᠡᠬᠦ ᠤᠬᠠᠭᠠᠨ ᠤ ᠰᠤᠳᠤᠯᠭᠠᠨ ᠪᠠ ᠵᠢᠭᠠᠨ ᠰᠤᠷᠭᠠᠯᠲᠠ ᠶᠢᠨ ᠰᠤᠳᠤᠯᠭᠠᠨ ᠤ ᠠᠵᠢᠯ ᠢ ᠵᠣᠬᠢᠶᠠᠨ ᠪᠠᠶᠢᠭᠤᠯᠬᠤ ᠶᠢᠨ ᠬᠠᠮᠲᠤ ᠵᠢᠯᠣᠭᠤᠳᠤᠨ᠎ᠠ᠃ ︵ᠨᠠᠢᠮᠠ︶ ᠪᠥᠬᠦ ᠬᠤᠰᠢᠭᠤᠨ ᠤ ᠡᠩ ᠤᠨ᠂ ᠨᠠᠰᠤᠨ ᠳᠤ ᠭᠦᠷᠦᠭᠰᠡᠳ ᠤᠨ ᠰᠣᠷᠣᠭᠴᠢ ᠡᠯᠰᠡᠬᠦ ᠰᠢᠯᠭᠠᠯᠲᠠ ᠵᠢᠴᠢ ᠦᠪᠡᠰᠤᠪᠡᠨ ᠰᠣᠷᠣᠭᠰᠠᠳ ᠤᠨ ᠰᠢᠯᠭᠠᠯᠲᠠ᠂ ︽ᠳᠤᠮᠳᠠᠳᠤ ᠰᠢᠯᠭᠠᠯᠲᠠ︾᠂ ᠥᠨᠳᠥᠷ ᠵᠡᠷᠭᠡ ᠶᠢᠨ ᠳᠤᠮᠳᠠᠳᠤ ᠰᠤᠷᠭᠠᠭᠤᠯᠢ ᠶᠢᠨ ᠬᠠᠮ ᠰᠢᠯᠭᠠᠯᠲᠠ ᠶᠢᠨ ᠬᠠᠮᠢᠶᠠᠷᠤᠯᠲᠠ ᠵᠡᠷᠭᠡ ᠠᠵᠢᠯ ᠢ ᠬᠠᠷᠢᠭᠤᠴᠠᠨ᠎ᠠ᠃ ︵ᠶᠢᠰᠦ︶ ᠠᠵᠢᠯ ᠣᠯᠭᠤᠬᠤ ᠪᠠᠷ ᠤᠳᠤᠷᠢᠳᠤᠮᠵᠢ ᠪᠣᠯᠭᠠᠭᠰᠠᠨ ᠠᠵᠢᠯ ᠮᠡᠷᠭᠡᠵᠢᠯ ᠤᠨ ᠰᠤᠷᠭᠠᠨ ᠬᠥᠮᠦᠵᠢᠯ  ᠤᠨ ᠬᠥᠭᠵᠢᠯᠲᠡ ᠬᠢᠭᠡᠳ ᠥᠭᠡᠷᠡᠴᠢᠯᠡᠯᠲᠡ ᠶᠢ ᠵᠢᠯᠣᠭᠤᠳᠴᠤ᠂ ᠠᠵᠢᠯ ᠮᠡᠷᠭᠡᠵᠢᠯ ᠤᠨ ᠵᠢᠯᠤᠭᠤᠳᠤᠯᠭ᠎ᠠ ᠶᠢᠨ ᠠᠵᠢᠯ ᠥᠷᠨᠢᠭᠦᠯᠦᠨ᠎ᠡ︔ ᠦᠨᠳᠦᠰᠦᠲᠡᠨ ᠤ ᠳᠤᠮᠳᠠ ᠵᠡᠷᠭᠡ ᠶᠢᠨ ᠠᠵᠢᠯ ᠮᠡᠷᠭᠡᠵᠢᠯ ᠤᠨ ᠰᠤᠷᠭᠠᠨ ᠬᠥᠮᠦᠵᠢᠯ᠂ ᠠᠷᠠᠳ ᠠᠴᠠ ᠡᠷᠭᠢᠯᠡᠭᠰᠡᠨ ᠳᠤᠮᠳᠠ ᠵᠡᠷᠭᠡ ᠶᠢᠨ ᠠᠵᠢᠯ ᠮᠡᠷᠭᠡᠵᠢᠯ ᠤᠨ ᠰᠤᠷᠭᠠᠨ ᠬᠥᠮᠦᠵᠢᠯ᠂ ᠠᠵᠢᠯᠲᠠᠨ ᠠᠵᠢᠯᠴᠢᠨ ᠤ ᠰᠤᠷᠭᠠᠨ ᠬᠥᠮᠦᠵᠢᠯ᠂ ᠮᠠᠯᠴᠢᠨ ᠲᠠᠷᠢᠶᠠᠴᠢᠨ ᠤ ᠰᠤᠷᠭᠠᠨ ᠬᠥᠮᠦᠵᠢᠯ᠂ ᠨᠡᠶᠢᠭᠡᠮ ᠲᠣᠭᠤᠷᠢᠭ ᠤᠨ ᠰᠤᠷᠭᠠᠨ ᠬᠥᠮᠦᠵᠢᠯ ᠵᠢᠴᠢ ᠡᠯ᠎ᠡ ᠲᠥᠷᠥᠯ ᠤᠨ ᠨᠠᠰᠤᠨ ᠳᠤ ᠭᠦᠷᠦᠭᠰᠡᠳ ᠤᠨ ᠰᠤᠷᠭᠠᠨ ᠬᠦᠮᠤᠵᠢᠯ ᠢ ᠵᠢᠯᠤᠭᠤᠳᠤᠨ᠎ᠠ ︵ᠠᠷᠪᠠ︶ ᠦᠨᠳᠦᠰᠦᠲᠡᠨ ᠤ ᠰᠤᠷᠭᠠᠨ ᠬᠥᠮᠦᠵᠢᠯ ᠤᠨ ᠠᠵᠢᠯ ᠢ ᠨᠢᠭᠡᠳᠦᠯᠲᠡᠶ ᠲᠥᠯᠥᠪᠯᠡᠨ ᠵᠣᠬᠢᠴᠠᠭᠤᠯᠬᠤ ᠪᠠ ᠵᠢᠯᠣᠭᠤᠳᠴᠤ᠂ ᠦᠨᠳᠦᠰᠦᠲᠡᠨ ᠤ ᠰᠤᠷᠭᠠᠨ ᠬᠥᠮᠦᠵᠢᠯ ᠤᠨ ᠬᠥᠭᠵᠢᠯᠲᠡ ᠥᠭᠡᠷᠡᠴᠢᠯᠡᠯᠲᠡ ᠶᠢᠨ ᠲᠥᠷᠥ ᠶᠢᠨ ᠪᠣᠳᠣᠯᠭ᠎ᠠ ᠶᠢᠨ ᠠᠷᠭ᠎ᠠ ᠠᠪᠴᠠᠯ ᠢ ᠵᠣᠬᠢᠶᠠᠨ ᠪᠠᠶᠢᠭᠤᠯᠤᠨ ᠬᠢᠨᠠᠯᠲᠠ ᠲᠠᠯᠪᠢᠵᠤ ᠬᠡᠷᠡᠭᠵᠢᠭᠦᠯᠦᠨ᠂ ᠦᠨᠳᠦᠰᠦᠲᠡᠨ ᠤ ᠰᠤᠷᠭᠠᠨ ᠬᠥᠮᠦᠵᠢᠯ ᠤᠨ ᠵᠢᠭᠠᠨ ᠰᠤᠷᠭᠠᠯᠲᠠ ᠶᠢᠨ ᠠᠵᠢᠯ᠂ ᠪᠠᠭᠰᠢ ᠶᠢᠨ ᠡᠩᠨᠡᠭᠡ ᠶᠢᠨ ᠪᠠᠶᠢᠭᠤᠯᠤᠯᠲᠠ ᠶᠢ ᠲᠥᠯᠥᠪᠵᠢᠭᠦᠯᠬᠦ ᠶᠢᠨ ᠬᠠᠮᠲᠤ ᠵᠢᠯᠣᠭᠤᠳᠤᠨ᠎ᠠ︔ ᠰᠤᠷᠭᠠᠨ ᠬᠥᠮᠦᠵᠢᠯ ᠤᠨ ᠰᠢᠰᠲ᠋ᠧᠮ ᠤᠨ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠰᠤᠷᠭᠠᠨ ᠬᠥᠮᠦᠵᠢᠯ ᠪᠠ ᠴᠥᠭᠡᠨ ᠲᠣᠭᠠᠲᠤ ᠦᠨᠳᠦᠰᠦᠲᠡᠨ ᠤ ᠦᠭᠡ ᠬᠡᠯᠡ ᠦᠰᠦᠭ ᠪᠢᠴᠢᠭ ᠢ ᠳᠦᠷᠢᠮᠵᠢᠭᠦᠯᠬᠦ ᠠᠵᠢᠯ ᠢ ᠵᠢᠯᠤᠭᠤᠳᠤᠨ᠎ᠠ᠃ ︵ᠠᠷᠪᠠᠨ ᠨᠢᠭᠡ︶ ᠰᠤᠷᠬᠤ ᠨᠠᠰᠤᠨ ᠠᠴᠠ ᠡᠮᠦᠨᠡᠬᠢ ᠰᠤᠷᠭᠠᠨ ᠬᠥᠮᠦᠵᠢᠯ ᠤᠨ ᠬᠥᠭᠵᠢᠯᠲᠡ ᠶᠢᠨ ᠲᠥᠯᠥᠪᠵᠢᠭᠦᠯᠭᠡ ᠶᠢ ᠲᠣᠭᠲᠠᠭᠠᠨ ᠬᠡᠷᠡᠭᠵᠢᠭᠦᠯᠬᠦ ᠶᠢ ᠬᠠᠷᠢᠭᠤᠴᠠᠵᠤ᠂ ᠠᠯᠪᠠᠨ ᠠᠴᠠ ᠡᠷᠭᠢᠯᠡᠭᠰᠡᠨ ᠪᠠ ᠨᠡᠶᠢᠭᠡᠮ ᠤᠨ ᠬᠦᠴᠦᠨ ᠤ ᠡᠷᠭᠢᠯᠡᠭᠰᠡᠨ ᠬᠡᠤᠬᠡᠳ ᠤᠨ ᠴᠡᠴᠡᠷᠯᠢᠭ ᠤᠨ ᠰᠤᠷᠭᠠᠨ ᠬᠥᠮᠦᠵᠢᠯ ᠤᠨ ᠵᠢᠭᠠᠨ ᠰᠤᠷᠭᠠᠯᠲᠠ ᠶᠢᠨ ᠠᠵᠢᠯ ᠢ ᠵᠢᠯᠣᠭᠤᠳᠤᠨ ᠬᠠᠮᠢᠶᠠᠷᠤᠨ᠎ᠠ᠃ ︵ᠠᠷᠪᠠᠨ ᠬᠤᠶᠠᠷ︶ ᠡᠯ᠎ᠡ ᠱᠠᠲᠤᠨ ᠤ ᠡᠯ᠎ᠡ ᠲᠥᠷᠥᠯ ᠤᠨ ᠰᠤᠷᠭᠠᠭᠤᠯᠢ ᠶᠢᠨ ᠦᠵᠡᠯ ᠰᠠᠨᠠᠭ᠎ᠠ ᠤᠯᠤᠰ ᠲᠥᠷᠥ ᠶᠢᠨ ᠠᠵᠢᠯ ᠢ ᠵᠢᠯᠣᠭᠤᠳᠤᠨ᠎ᠠ︔ ᠡᠯ᠎ᠡ ᠱᠠᠲᠤᠨ ᠤ ᠡᠯ᠎ᠡ ᠲᠦᠷᠦᠯ ᠤᠨ ᠰᠤᠷᠭᠠᠭᠤᠯᠢ ᠶᠢᠨ ᠶᠣᠰᠣ ᠮᠣᠷᠠᠯ ᠤᠨ ᠬᠥᠮᠦᠵᠢᠯ ᠤᠨ ᠠᠵᠢᠯ᠂ ᠪᠡᠶ᠎ᠡ ᠶᠢᠨ ᠲᠠᠮᠢᠷ ᠡᠷᠡᠭᠦᠯ ᠬᠠᠮᠠᠭᠠᠯᠠᠯ ᠤᠷᠠᠯᠢᠭ ᠤᠨ ᠬᠥᠮᠦᠵᠢᠯ ᠵᠢᠴᠢ ᠤᠯᠤᠰ ᠤᠨ ᠪᠠᠲᠤᠯᠠᠨ ᠬᠠᠮᠠᠭᠠᠯᠠᠯᠲᠠ ᠶᠢᠨ ᠰᠤᠷᠭᠠᠨ ᠬᠦᠮᠤᠵᠢᠯ ᠤᠨ ᠠᠵᠢᠯ ᠢ ᠵᠢᠯᠤᠭᠤᠳᠤᠨ᠎ᠠ᠃ ︵ᠠᠷᠪᠠᠨ ᠭᠤᠷᠪᠠ︶ ᠳᠤᠮᠳᠠᠳᠤ ᠪᠠᠭ᠎ᠠ ᠰᠤᠷᠭᠠᠭᠤᠯᠢ ᠶᠢᠨ ᠠᠮᠤᠷ ᠲᠦᠪᠰᠢᠨ ᠤ ᠬᠠᠮᠢᠶᠠᠷᠤᠯᠲᠠ ᠶᠢᠨ ᠠᠵᠢᠯ ᠢ ᠬᠠᠷᠢᠭᠤᠴᠠᠨ᠎ᠠ᠃ ︵ᠠᠷᠪᠠᠨ ᠳᠥᠷᠪᠡ︶ ᠰᠤᠷᠭᠠᠨ ᠬᠥᠮᠦᠵᠢᠭᠦᠯᠵᠦ ᠬᠢᠨᠠᠨ ᠵᠢᠯᠣᠭᠤᠳᠬᠤ ᠠᠵᠢᠯ ᠢ ᠵᠢᠯᠣᠭᠤᠳᠬᠤ ᠶᠢᠨ ᠬᠠᠮᠲᠤ ᠵᠣᠬᠢᠶᠠᠨ ᠪᠠᠶᠢᠭᠤᠯᠤᠨ᠎ᠠ᠃ ᠶᠢᠰᠦᠨ ᠵᠢᠯ ᠤᠨ ᠠᠯᠪᠠᠨ ᠵᠢᠷᠤᠮ ᠤᠨ ᠰᠤᠷᠭᠠᠨ ᠬᠥᠮᠦᠵᠢᠯ ᠢ ᠲᠦᠭᠡᠮᠡᠯᠵᠢᠭᠦᠯᠬᠦ᠂ ᠵᠠᠯᠠᠭᠤ ᠢᠳᠡᠷᠴᠦᠳ ᠤᠨ ᠪᠢᠴᠢᠭ ᠤᠨ ᠪᠠᠯᠠᠢ ᠶᠢ ᠠᠷᠢᠯᠭᠠᠬᠤ ᠪᠠ ᠳᠤᠮᠳᠠᠳᠤ ᠪᠠᠭ᠎ᠠ ᠰᠤᠷᠭᠠᠭᠤᠯᠢ ᠶᠢᠨ ᠬᠡᠪ ᠴᠢᠨᠠᠷ ᠤᠨ ᠰᠤᠷᠭᠠᠨ ᠬᠥᠮᠦᠵᠢᠯ ᠢ ᠬᠡᠷᠡᠭᠵᠢᠭᠦᠯᠬᠦ ᠠᠵᠢᠯ ᠢ ᠬᠢᠨᠠᠨ ᠵᠢᠯᠣᠭᠤᠳᠬᠤ ᠪᠠ ᠦᠨᠡᠯᠡᠨ ᠵᠢᠱᠢᠬᠦ ᠠᠵᠢᠯ ᠢ ᠵᠣᠬᠢᠶᠠᠨ ᠪᠠᠶᠢᠭᠤᠯᠤᠨ᠎ᠠ᠃ ᠰᠤᠷᠭᠠᠨ ᠬᠥᠮᠦᠵᠢᠯ ᠤᠨ ᠬᠥᠭᠵᠢᠯᠲᠡ ᠶᠢᠨ ᠬᠢᠷᠢ ᠲᠦᠪᠰᠢᠨ ᠪᠠ ᠶᠠᠰᠤ ᠴᠢᠨᠠᠷ ᠢ ᠬᠢᠨᠠᠨ ᠰᠢᠯᠭᠠᠬᠤ ᠠᠵᠢᠯ ᠢ ᠵᠣᠬᠢᠶᠠᠨ ᠪᠠᠶᠢᠭᠤᠯᠤᠨ ᠥᠷᠨᠢᠭᠦᠯᠵᠦ᠂ ᠰᠤᠷᠭᠠᠨ ᠬᠥᠮᠦᠵᠢᠯ ᠤᠨ ᠬᠢᠨᠠᠨ ᠵᠢᠯᠣᠭᠤᠳᠬᠤ ᠮᠡᠳᠡᠭᠦᠯᠦᠯᠲᠡ ᠶᠢ ᠨᠡᠶᠢᠲᠡᠯᠡᠨ᠎ᠡ᠃ ︵ᠠᠷᠪᠠᠨ ᠲᠠᠪᠤ︶ ᠬᠤᠰᠢᠭᠤᠨ ᠤ ᠨᠠᠮ ᠤᠨ ᠬᠤᠷᠢᠶ᠎ᠠ ᠶᠢᠨ ᠰᠤᠷᠭᠠᠨ ᠬᠥᠮᠦᠵᠢᠯ ᠤᠨ ᠠᠵᠢᠯ ᠤᠨ ᠤᠳᠤᠷᠢᠳᠬᠤ ᠳᠤᠭᠤᠶᠢᠯᠠᠩ ᠤᠨ ᠨᠠᠷᠢᠨ ᠪᠢᠴᠢᠭᠡᠴᠢ ᠶᠢᠨ ᠳᠤᠭᠤᠶᠢᠯᠠᠩ ᠤᠨ ᠡᠳᠦᠷ ᠲᠤᠲᠤᠮ ᠤᠨ ᠠᠵᠢᠯ ᠢ ᠡᠭᠦᠷᠭᠡᠯᠡᠨ᠎ᠡ᠃ ︵ᠠᠷᠪᠠᠨ ᠵᠢᠷᠭᠤᠭ᠎ᠠ︶ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠲᠤᠰᠢᠶᠠᠭᠰᠠᠨ ᠪᠤᠰᠤᠳ ᠡᠭᠦᠷᠭᠡ ᠶᠢ ᠪᠡᠶᠡᠯᠡᠭᠦᠯᠦᠨ᠎ᠡ᠃
 
ᠢᠷᠡᠯᠲᠡ᠄ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号