ᠨᠢᠭᠡ᠂ ᠵᠢᠷᠭᠠᠯᠠᠩᠲᠤ ᠨᠠᠢᠮᠠᠨ ᠮᠣᠷᠢ ᠤᠷᠢᠳᠤ ᠦᠵᠦᠮᠦᠴᠢᠨ ᠨᠤᠲᠤᠭ ᠲᠤ ᠳᠣᠯᠣᠭᠠᠨ ᠵᠢᠯ ᠳᠠᠷᠠᠭᠠᠯᠠᠨ ᠦᠶᠡᠷ | ᠤᠰᠤᠳᠤᠯ᠂ ᠬᠤᠷᠣᠬᠠᠢ ᠰᠢᠪᠠᠵᠢ᠂ ᠴᠠᠰᠤ ᠵᠤᠳ᠂ ᠳᠡᠭᠡᠷᠡᠮ ᠬᠤᠯᠠᠭᠠᠢ ᠶᠢᠨ ᠭᠠᠮᠰᠢᠭ ᠦᠷᠭᠦᠯᠵᠢᠯᠡᠵᠦ᠂ ᠤᠯᠠᠭᠠᠢ | ᠭᠤᠣᠯ ᠨᠢ ᠬᠤᠶᠠᠷ ᠦᠵᠦᠮᠦᠴᠢᠨ ᠤ ᠳᠤᠮᠳᠠᠭᠤᠷ ᠤᠷᠤᠰᠤᠨ ᠬᠠᠯᠬ᠎ᠠ ᠶᠢᠨ ᠴᠢᠨ᠋ᠸ᠎ᠠ ᠭᠤᠣᠯ ᠳᠤ ᠴᠢᠳᠬᠤᠵᠤ᠂ | ᠴᠢᠨᠠᠭᠰᠢ ᠪᠠᠨ ᠲᠦᠷᠭᠡᠨ ᠲᠤᠤᠯᠠ ᠲᠠᠢ ᠤᠷᠤᠰᠬᠠᠯ ᠨᠡᠶᠢᠯᠡᠭᠰᠡᠨ ᠳᠤ ᠦᠵᠦᠮᠦᠴᠢᠨ ᠨᠤᠲᠤᠭ ᠤᠨ ᠲᠣᠮᠣᠭᠠᠳᠠᠳ ︽ | ᠦᠵᠦᠮᠦᠴᠢᠨᠴᠦᠳ ᠬᠠᠯᠬ᠎ᠠ ᠶᠢᠨ ᠴᠢᠨ᠋ᠸ᠎ᠠ ᠳᠤ ᠰᠣᠷᠣᠭᠳᠠᠯᠠ︾ ᠬᠡᠮᠡᠨ ᠰᠡᠵᠢᠭᠯᠡᠵᠦ ᠲᠡᠭᠦᠨ ᠢ ᠬᠤᠷᠢᠭᠯᠠᠨ | ᠵᠣᠭᠰᠣᠭᠠᠬᠤ ᠦᠭᠡᠢ ᠪᠣᠯ ᠦᠵᠦᠮᠦᠴᠢᠨ ᠶᠠᠳᠠᠭᠤᠷᠠᠵᠤ ᠬᠤᠭᠤᠰᠤᠷᠠᠬᠤ ᠨᠢ ᠥᠷᠯᠥᠭᠡ ᠦᠳᠡᠰᠢ ᠶᠢᠨ ᠬᠤᠭᠤᠷᠣᠨᠳᠤ | ᠪᠣᠯᠪᠠ ᠭᠡᠳ ᠦᠵᠦᠮᠦᠴᠢᠨ ᠤ ᠵᠠᠰᠠᠭ ᠨᠣᠶᠠᠳ ᠤᠳ ᠠᠴᠠ ᠲᠦᠢᠩᠺᠡᠷ ᠡᠩᠡ ᠲᠦᠷᠦᠭᠦᠲᠡᠢ ᠣᠯᠠᠨ ᠬᠥᠮᠥᠰ ᠢ | ᠪᠠᠷᠠᠭᠤᠨ ᠭᠠᠵᠠᠷ ᠲᠤ ᠶᠠᠪᠤᠭᠤᠯᠵᠤ᠂ ᠠᠪᠤᠷᠠᠯ ᠳᠠᠭᠠᠳᠬᠠᠯ ᠬᠢᠯᠭᠡᠭᠰᠡᠨ ᠪᠠᠶᠢᠵᠠᠢ᠃ ᠲᠤᠬᠠᠢ ᠶᠢᠨ ᠵᠢᠯ ᠤᠳ ᠲᠤ | ᠤᠯᠠᠭᠠᠢ ᠭᠤᠣᠯ ᠤᠨ ᠤᠰᠤᠨ ᠰᠢᠰᠲ᠋ᠧᠮ ᠤᠨ ᠰᠧᠯᠵᠢ᠂ ᠢᠨᠵᠠᠭᠠᠨ᠂ ᠭᠤᠷᠣᠬᠠᠨ᠂ ᠪᠠᠯᠭᠠᠷ᠂ ᠬᠤᠭᠤᠯᠠᠲᠦ᠂ ᠠᠯᠲᠠ | ᠂ ᠶᠡᠭᠡ ᠪᠠᠭ᠎ᠠ ᠬᠤᠶᠠᠷ ᠵᠢᠷᠢ ᠪᠠ ᠰᠢᠯᠢ ᠶᠢᠨ ᠭᠤᠣᠯ᠂ ᠣᠶᠣᠲᠠᠢ ᠶᠢᠨ ᠭᠤᠣᠯ ᠵᠡᠷᠭᠡ ᠠᠷᠪᠠᠨ ᠶᠡᠭᠡ ᠭᠤᠣᠯ ᠤᠳ | ᠴᠦ ᠤᠯᠠᠭᠠᠢ ᠭᠤᠣᠯ ᠲᠠᠢ ᠤᠷᠤᠰᠬᠠᠯ ᠨᠡᠶᠢᠯᠡᠵᠦ᠂ ᠬᠠᠳᠠᠪᠴᠢ ᠪᠠᠷ ᠬᠠᠯᠬ᠎ᠠ ᠳᠤ ᠤᠷᠤᠰᠤᠨ ᠣᠷᠣᠵᠤ ᠴᠢᠨ᠋ᠸ᠎ᠠ | ᠭᠤᠣᠯ ᠳᠤ ᠴᠢᠳᠬᠤᠳᠠᠭ ᠪᠠᠶᠢᠭᠰᠠᠨ ᠭᠡᠨ᠎ᠡ᠃ ᠲᠦᠢᠩᠺᠠᠷ ᠡᠩᠡ ᠲᠡᠷᠡ ᠤᠳᠠᠭ᠎ᠠ ᠯᠠᠪᠷᠤᠩ ᠳᠤ ᠬᠦᠷᠴᠦ᠂ | ᠵᠠᠮᠢᠶᠠᠨᠱᠠᠳᠪᠠ ᠶᠢᠨ ᠭᠡᠭᠡᠨ ᠳᠤ ᠮᠥᠷᠭᠦᠵᠦ ᠬᠤᠰᠢᠭᠤ᠂ ᠬᠤᠲᠠᠯᠠ ᠪᠠᠨ ᠳᠠᠭᠠᠳᠬᠠᠵᠤ ᠠᠶᠢᠯᠠᠳᠬᠠᠭᠠᠳ ᠥᠪᠡᠷ ᠤᠨ | ᠵᠣᠬᠢᠶᠠᠭᠰᠠᠨ ︽ᠵᠢᠷᠭᠠᠯᠠᠩᠲᠤ ᠨᠠᠢᠮᠠᠨ ᠮᠣᠷᠢ︾ ᠶᠢᠨ ᠰᠢᠯᠦᠭ ᠢᠶᠠᠨ ᠥᠭᠭᠦᠭᠰᠡᠨ ᠳᠤ ᠭᠡᠭᠡᠨ ᠠᠷᠤ ᠳᠡᠭᠡᠷ᠎ᠡ ᠨᠢ ᠨᠢᠭᠡᠨ | ᠡᠷ᠎ᠡ ᠴᠠᠭᠠᠨ ᠠᠷᠰᠯᠠᠨ ᠵᠢᠷᠤᠵᠤ ᠥᠭᠭᠦᠭᠡᠳ᠄ ︽ᠡᠶᠢᠮᠦ ᠰᠢᠨᠵᠢ ᠶᠢᠨ ᠯᠤᠤᠰ ᠢ ᠣᠯᠵᠤ ᠳᠠᠬᠢᠭᠠᠷᠠᠢ᠂ ᠡᠨᠡ ᠵᠢᠷᠤᠭ ᠢ | ᠮᠣᠯᠣᠮ ᠪᠯᠠᠮ᠎ᠠ ᠶᠢᠨ ᠭᠡᠭᠡᠨ ᠳᠤ ᠪᠠᠷᠢ᠂ ᠲᠡᠷᠡ ᠮᠡᠳᠡᠬᠦ ᠶᠤᠮ᠃ ᠴᠢᠩᠭᠢᠭᠡᠳ ᠡᠨᠡ ᠰᠢᠯᠦᠭ ᠢᠶᠠᠨ ᠳᠠᠭᠤᠤ ᠪᠣᠯᠭᠠᠵᠤ | ᠡᠳᠦᠷ ᠲᠤ ᠭᠤᠷᠪᠠᠨᠲᠠ ᠳᠠᠭᠤᠯᠠᠭᠤᠯᠪᠠᠯ ᠦᠵᠦᠮᠦᠴᠢᠨ ᠳᠠᠶᠠᠭᠠᠷ ᠲᠤ ᠠᠮᠤᠭᠤᠯᠠᠩ ᠲᠠᠶᠢᠪᠤᠩ ᠪᠣᠯᠣᠨ᠎ᠠ︾ ᠭᠡᠵᠤ | ᠠᠶᠢᠯᠠᠳᠤᠭᠰᠠᠨ ᠭᠡᠳᠡᠭ᠃ ᠴᠢᠩᠭᠢᠭᠡᠳ ᠮᠣᠯᠣᠮ ᠪᠯᠠᠮ᠎ᠠ ᠶᠢᠨ ᠭᠡᠭᠡᠨ᠂ ᠲᠦᠢᠩᠺᠠᠷ ᠡᠩᠡ ᠶᠢ ᠳᠠᠭᠠᠭᠤᠯᠵᠤ | ᠮᠣᠷᠳᠠᠭᠠᠳ ᠤᠯᠠᠭᠠᠢ ᠭᠤᠣᠯ ᠤᠨ ᠬᠤᠶᠢᠲᠤ ᠬᠥᠪᠡᠭᠡᠨ ᠳᠠᠬᠢ ᠠᠭᠤᠯᠠ ᠠᠰᠬ᠎ᠠ ᠶᠢ ᠰᠢᠨᠵᠢᠵᠦ ᠶᠠᠪᠤᠭᠰᠠᠭᠠᠷ ᠨᠢᠭᠡᠨ | ᠠᠷᠵᠠᠭᠠᠷ ᠪᠠᠷᠵᠠᠭᠠᠷ ᠬᠠᠳᠠ ᠲᠠᠢ ᠠᠭᠤᠯᠠ ᠶᠢ ᠵᠢᠭᠠᠵᠤ᠄ ︽ᠡᠨᠡ ᠪᠣᠯ ᠡᠷ᠎ᠡ ᠴᠠᠭᠠᠨ ᠠᠷᠰᠯᠠᠨ ᠵᠡᠭᠦᠨᠰᠢ ᠡᠷᠭᠢᠨ | ᠬᠠᠷᠠᠵᠤ ᠪᠠᠶᠢᠬᠤ ᠰᠢᠨᠵᠢᠲᠡᠢ ᠨᠣᠶᠠᠨ ᠯᠤᠤᠰ ᠪᠣᠯᠣᠨ᠎ᠠ᠂ ᠣᠪᠣᠭ᠎ᠠ ᠪᠣᠰᠬᠠᠵᠤ ᠳᠠᠬᠢᠭᠠᠳ ᠦᠵᠦᠮᠦᠴᠢᠨ ᠴᠢᠨ | ᠸᠠᠩ ᠤᠨ ᠬᠠᠤᠯᠢ ᠶᠢᠨ ᠪᠢᠴᠢᠭ ᠳᠠᠭᠤᠳᠠᠭᠤᠯᠪᠠᠯ᠂ ᠥᠬᠢᠨ ᠯᠤᠤᠰ ᠤᠯᠠᠭᠠᠢ ᠭᠤᠣᠯ᠂ ᠨᠣᠶᠠᠨ ᠯᠤᠤᠰ ᠤᠨ | ᠤᠷᠢᠳᠠᠭᠤᠷ ᠤᠷᠤᠰᠴᠤ ᠭᠠᠷᠬᠤ ᠦᠭᠡᠢ ᠪᠣᠯᠣᠨ᠎ᠠ︾ ᠭᠡᠳ ᠡᠩᠭᠡᠷ ᠤᠨ ᠬᠢᠨᠢ ᠰᠢᠨ᠎ᠠ ᠳᠡᠭᠡᠷ᠎ᠡ ᠨᠠᠶᠠᠨ ᠵᠢᠩ ᠤᠨ | ᠬᠦᠨᠳᠦ ᠲᠥᠷᠥ ᠶᠢᠨ ᠭᠢᠨᠵᠢ ᠲᠠᠯᠪᠢᠭᠠᠳ᠂ ᠬᠤᠶᠢᠲᠤ ᠳᠡᠭᠡᠷ᠎ᠡ ᠨᠢ ᠣᠪᠣᠭᠠᠨ ᠳᠠᠬᠢᠯᠭ᠎ᠠ ᠶᠢᠨ ᠨᠠᠶᠢᠷ ᠥᠷᠨᠢᠭᠦᠯᠵᠦ᠂ | ᠣᠪᠣᠭ᠎ᠠ ᠪᠠᠨ ︽ᠠᠷᠰᠯᠠᠨ ᠣᠪᠣᠭ᠎ᠠ︾ ᠬᠡᠮᠡᠨ ᠨᠡᠷᠡᠯᠡᠵᠦ ᠨᠠᠶᠢᠷ ᠳᠡᠭᠡᠷ᠎ᠡ ᠲᠦᠢᠩᠺᠠᠷ ᠡᠩᠡ ᠶᠢᠨ ᠵᠣᠬᠢᠶᠠᠭᠰᠠᠨ ︽ | ᠵᠢᠷᠭᠠᠯᠠᠩᠲᠤ ᠨᠠᠢᠮᠠᠨ ᠮᠣᠷᠢᠨ ᠤ ᠳᠠᠭᠤᠤ︾ ᠶᠢ ᠳᠠᠭᠤᠯᠠᠭᠤᠯᠵᠤ ᠳᠡᠯᠭᠡᠷᠡᠭᠦᠯᠦᠭᠰᠡᠨ ᠭᠡᠳᠡᠭ᠃ |